【 ᠣᠷᠠᠳ ᠠᠷᠠᠳ ᠤᠨ ᠳᠠᠭᠤᠣ】 ᠠᠷᠣᠨ ᠲᠠᠯ᠎ᠠ ᠶᠢᠨ ᠠᠷᠴᠠ
ᠨᠡᠶᠢᠲᠡᠯᠡᠭᠰᠡᠨ ᠴᠠᠭ᠄
2025/6/12

 ᠠᠷᠣᠨ ᠲᠠᠯ᠎ᠠ ᠶᠢᠨ ᠠᠷᠴᠠ ᠮᠣᠳᠣ

 ᠠᠷᠣᠣᠬᠠᠨ ᠲᠠᠯ᠎ᠠ ᠳᠠᠭᠠᠨ ᠰᠡᠭᠦᠳᠡᠷ ᠲᠠᠢ

 ᠠᠬᠢ ᠬᠢᠯᠭᠠᠨ᠎ᠠ ᠪᠡᠯᠴᠢᠭᠡᠷ ᠲᠠᠢ

 ᠷᠠᠰᠢᠶᠠᠨ ᠪᠣᠯᠠᠭ ᠤᠨ ᠣᠮᠳᠠ ᠲᠠᠢ

 

 ᠭᠤᠷᠪᠠᠨ ᠬᠡᠭᠡᠷ ᠲᠡᠭᠷᠢ ᠶᠢᠨ ᠣᠨᠠᠭ᠎ᠠ

 ᠭᠤᠷᠪᠠᠯᠵᠢᠨ ᠬᠠᠷᠠᠭᠳᠠᠬᠤ ᠮᠠᠨ ᠤ ᠨᠣᠲᠤᠭ

 ᠲᠦᠷᠪᠡᠨ ᠬᠡᠬᠡᠷ ᠲᠡᠭᠷᠢ ᠶᠢᠨ ᠣᠨᠠᠭ᠎ᠠ

 ᠲᠦᠷᠪᠡᠯᠵᠢᠨ ᠬᠠᠷᠠᠭᠳᠠᠬᠤ ᠮᠠᠨ ᠤ ᠨᠣᠲᠤᠭ

 

 ᠬᠠᠭᠰᠠᠷᠭᠠᠰᠠᠩᠬᠠᠨ ᠮᠣᠷᠢᠨ ᠳᠤᠨᠢ

 ᠬᠠᠵᠠᠭᠠᠷ ᠬᠡᠳᠦᠢ ᠯᠡ ᠬᠦᠨᠳᠣ ᠪᠣᠢ

 ᠬᠠᠷᠢᠶ᠎ᠠ ᠬᠡᠰᠡᠨ ᠬᠦᠮᠦᠨ ᠳᠤᠨᠢ

 ᠭᠠᠵᠠᠷ ᠬᠡᠳᠦᠢ ᠯᠡ ᠬᠤᠯᠠ ᠪᠣᠢ

 

 ᠡᠮᠡᠭᠡᠯᠡᠯᠭᠰᠡᠨ ᠮᠣᠷᠢᠨ ᠳᠤᠨᠢ

 ᠡᠮᠡᠭᠡᠯ ᠬᠡᠳᠦᠢ ᠯᠡ ᠬᠦᠨᠳᠣ ᠪᠣᠢ

 ᠡᠷᠬᠢᠶ᠎ᠡ ᠬᠡᠰᠡᠨ ᠬᠦᠮᠦᠨ ᠳᠤᠨᠢ

 ᠵᠠᠮ ᠬᠡᠳᠦᠢ ᠯᠡ ᠬᠤᠯᠠ ᠪᠣᠢ

 

 ᠬᠠᠳᠠ ᠦᠬᠡᠢ ᠭᠠᠵᠠᠷ ᠲᠤᠨᠢ

 ᠬᠠᠷᠴᠠᠭᠠᠢ ᠶᠠᠭᠤᠨ ᠳᠠᠭᠠᠨ ᠡᠷᠬᠢᠨ᠎ᠠ ᠳ᠋ᠠ

 ᠬᠠᠶᠢᠷ᠎ᠠ ᠦᠭᠡᠢ ᠭᠠᠵᠠᠷ ᠲᠤᠨᠢ

 ᠪᠢᠳᠠᠨ ᠶᠠᠭᠤᠨ ᠳᠠᠭᠠᠨ ᠡᠷᠬᠢᠨ᠎ᠡ ᠳ᠋ᠠ

 

 ᠬᠤᠶᠠᠷ ᠬᠠᠳᠠᠨ ᠤ ᠲᠣᠮᠳᠠ ᠨᠢ

 ᠡᠪᠡᠰᠣ ᠶᠠᠭᠤᠨ ᠳᠠᠭᠠᠨ ᠣᠷᠭᠤᠨ᠎ᠠ ᠳ᠋ᠠ

 ᠬᠤᠶᠠᠷ ᠬᠠᠳᠠᠮ ᠤᠨ ᠲᠣᠮᠳᠠ ᠳᠠᠭᠠᠨ

 ᠪᠢᠳᠠ ᠶᠠᠭᠤᠨ  ᠳᠠᠭᠠᠨ ᠰᠠᠭᠤᠨ᠎ᠠ ᠳ᠋ᠠ

 

ᠡᠷᠬᠢ ᠦᠭᠡᠢ ᠭᠠᠵᠠᠷ ᠲᠤᠨᠢ

 ᠡᠯᠢᠶ᠎ᠡ ᠶᠠᠭᠤᠨ ᠳᠠᠭᠠᠨ ᠡᠷᠬᠢᠨ᠎ᠠ ᠳ᠋ᠠ

 ᠡᠨᠡᠷᠢᠯ ᠦᠭᠡᠢ ᠭᠠᠵᠠᠷ ᠲᠤᠨᠢ

 ᠪᠢᠳᠠᠨ ᠶᠠᠭᠤᠨ ᠳᠠᠭᠠᠨ ᠡᠷᠬᠢᠨ᠎ᠠ ᠳ᠋ᠠ

 ᠭᠤᠨᠢᠭᠲᠣ ᠨᠠᠭᠤᠷ ᠤᠨ ᠵᠠᠬ᠎ᠠ ᠳᠤ

 ᠠᠯᠳᠠᠨ ᠰᠡᠬᠦᠯ ᠲᠠᠢ ᠭᠤᠷᠭᠤᠣᠯᠳᠠᠢ

 ᠭᠠᠵᠠᠷ ᠵᠦᠭ ᠲᠡᠭᠡᠨ ᠶᠠᠪᠣᠬᠤ ᠳᠤ

 ᠭᠠᠭᠴᠠ ᠨᠢᠭᠡᠨ ᠲᠣᠩᠭᠤᠳᠬᠤ

 ᠵᠠᠮᠠᠭᠲᠣ  ᠪᠣᠯᠠᠭ ᠤᠨ ᠵᠠᠬ᠎ᠠ ᠳᠤ

 ᠽᠠᠨᠳᠠᠨ ᠬᠦᠷᠡᠩ ᠤᠨ ᠣᠨᠠᠭ᠎ᠠ ᠪᠣᠢ

 ᠵᠠᠩ ᠲᠠᠢ ᠠᠭᠠᠰᠢ ᠲᠠᠢ  ᠶᠠᠪᠣᠨ᠎ᠠ ᠬᠡᠭᠴᠢ

 ᠠᠪᠤ ᠡᠵᠢ ᠶᠢᠨ ᠰᠣᠷᠭᠠᠯ ᠪᠣᠢ

 

 ᠡ᠊ᠷᠬᠢᠨ ᠳᠡᠭᠡᠭᠦᠷ ᠬᠦᠶᠥᠭᠴᠢ

 ᠡᠯᠮᠡᠭ ᠰᠢᠷᠭ᠎ᠠ ᠮᠣᠷᠢ ᠮᠢᠨᠢ

 ᠡᠯᠢᠭᠡᠨ ᠲᠣᠲᠣᠷ᠎ᠠ ᠠᠴᠠ ᠭᠠᠷᠳᠠᠭ ᠦᠭᠡᠢ

 ᠡᠵᠢ ᠠᠪᠤ ᠬᠤᠶᠠᠷ ᠮᠢᠨᠢ

 

ᠴᠠᠭᠠᠨ ᠬᠠᠳᠠᠨ ᠤ ᠡᠩᠭᠡᠷ ᠲᠤᠨᠢ

 ᠴᠠᠭᠠᠨ ᠽᠠᠨᠳᠠᠨ ᠡᠷᠳᠡᠨᠢ ᠪᠣᠢ

 ᠴᠠᠭᠠᠨ ᠰᠦ ᠪᠠᠨ ᠬᠦᠬᠦᠬᠦᠯᠦᠭᠰᠡᠨ

 ᠡᠵᠢ ᠶᠢᠨ ᠠᠴᠢ ᠶᠢ ᠬᠠᠷᠢᠭᠤᠯᠣᠶ᠎ᠠ

           《ᠣᠷᠠᠳ ᠠᠷᠠᠳ ᠤᠨ ᠦᠯᠢᠭᠡᠷᠲᠣ ᠳᠠᠭᠤᠣ ᠵᠢᠴᠢ ᠳᠠᠭᠤᠣ ᠶᠢᠨ ᠦᠭᠡᠰ ᠤᠨ ᠣᠳᠬ᠎ᠠ ᠰᠠᠨᠠᠭ᠎ᠠ》 ᠨᠤᠮ ᠠᠴᠠ

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ