ᠲᠥᠪ ᠤᠨ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠤᠶᠠᠳᠤᠭᠠᠷ ᠬᠢᠨᠠᠨ ᠪᠠᠶᠢᠴᠠᠭᠠᠬᠤ ᠳᠤᠭᠤᠶᠢᠯᠠᠩ ᠠᠴᠠ ᠥᠪᠥᠷ ᠮᠣᠩᠭᠤᠯ ‍ᠤᠨ‌ᠥᠪᠡᠷᠲᠡᠭᠡᠨ ᠵᠠᠰᠠᠬᠤ ᠣᠷᠣᠨ ᠳᠤ ᠠᠷᠪᠠᠨ ᠨᠢᠭᠡᠳᠦᠭᠡᠷ ᠪᠦᠯᠦᠭ ᠤᠨ 27 ᠬᠤᠪᠢ ᠣᠯᠠᠨ ᠲᠦᠮᠡᠨ ᠤ ᠵᠠᠬᠢᠳᠠᠯ ᠰᠤᠷᠪᠤᠯᠵᠢᠯᠠᠯ ᠢᠶᠠᠷ ᠢᠯᠡᠴᠢᠯᠡᠨ ᠮᠡᠳᠡᠭᠦᠯᠦᠭᠰᠡᠨ ᠬᠡᠷᠡᠭ ᠢ ᠰᠢᠢᠳᠪᠦᠷᠢᠯᠡᠭᠦᠯᠬᠦ ᠪᠠᠷ ᠲᠤᠰᠢᠶᠠᠵᠠᠢ
ᠨᠡᠶᠢᠲᠡᠯᠡᠭᠰᠡᠨ ᠴᠠᠭ᠄
2025/6/10
    6 ᠰᠠᠷ᠎ᠠ ᠶᠢᠨ 8 ᠤ ᠡᠳᠦᠷ᠂ ᠲᠥᠪ ᠤᠨ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠤᠶᠠᠳᠤᠭᠠᠷ ᠬᠢᠨᠠᠨ ᠪᠠᠶᠢᠴᠠᠭᠠᠬᠤ ᠳᠤᠭᠤᠶᠢᠯᠠᠩ ᠠᠴᠠ ᠥᠪᠥᠷ ᠮᠣᠩᠭᠤᠯ  ᠤᠨ ᠥᠪᠡᠷᠲᠡᠭᠡᠨ ᠵᠠᠰᠠᠬᠤ ᠣᠷᠣᠨ ᠳᠤ ᠠᠷᠪᠠᠨ ᠨᠢᠭᠡᠳᠦᠭᠡᠷ ᠪᠦᠯᠦᠭ ᠤᠨ ᠵᠠᠬᠢᠳᠠᠯ ᠰᠤᠷᠪᠤᠯᠵᠢᠯᠠᠯ ᠢᠶᠠᠷ ᠢᠯᠡᠴᠢᠯᠡᠨ ᠮᠡᠳᠡᠭᠦᠯᠦᠭᠰᠡᠨ 27 ᠬᠤᠪᠢ ᠬᠡᠷᠡᠭ ︵ᠭᠤᠣᠯᠳᠠᠯᠭ᠎ᠠ ᠲᠠᠢ ᠠᠩᠬᠠᠷᠬᠤ 2 ᠬᠤᠪᠢ︶ ᠢ ᠰᠢᠢᠳᠪᠦᠷᠢᠯᠡᠭᠦᠯᠬᠦ  ᠪᠠᠷ ᠲᠤᠰᠢᠶᠠᠵᠠᠢ᠂ ᠡᠭᠦᠨ ᠳᠤ ᠤᠲᠠᠰᠤ ᠪᠠᠷ ᠢᠯᠡᠴᠢᠯᠡᠨ ᠮᠡᠳᠡᠭᠦᠯᠦᠭᠰᠡᠨ ᠬᠡᠷᠡᠭ 21 ᠬᠤᠪᠢ᠂ ᠵᠠᠬᠢᠳᠠᠯ ᠢᠶᠠᠷ ᠢᠯᠡᠴᠢᠯᠡᠨ ᠮᠡᠳᠡᠭᠦᠯᠦᠭᠰᠡᠨ ᠬᠡᠷᠡᠭ 6 ᠬᠤᠪᠢ ᠪᠣᠢ᠃ ᠲᠣᠰ ᠪᠦᠯᠦᠭ ᠤᠨ ᠵᠠᠬᠢᠳᠠᠯ ᠰᠤᠷᠪᠤᠯᠵᠢᠯᠠᠯ ᠢᠶᠠᠷ ᠢᠯᠡᠴᠢᠯᠡᠨ ᠮᠡᠳᠡᠭᠦᠯᠦᠭᠰᠡᠨ ᠬᠡᠷᠡᠭ ᠲᠤ ᠬᠥᠬᠡᠬᠤᠲᠠ ᠳᠤ ᠬᠤᠯᠪᠣᠭᠳᠠᠬᠤ 6 ᠬᠤᠪᠢ᠂ ᠪᠤᠭᠤᠲᠤ ᠬᠤᠲᠠ ᠳᠤ ᠬᠤᠯᠪᠣᠭᠳᠠᠬᠤ 2 ᠬᠤᠪᠢ᠂ ᠬᠥᠯᠥᠨ ᠪᠤᠶᠢᠷ ᠬᠤᠲᠠ ᠳᠤ ᠬᠤᠯᠪᠣᠭᠳᠠᠬᠤ 1 ᠬᠤᠪᠢ᠂ ᠬᠢᠩᠭᠠᠨ ᠠᠶᠢᠮᠠᠭ ᠲᠤ ᠬᠤᠯᠪᠣᠭᠳᠠᠬᠤ 3 ᠬᠤᠪᠢ᠂ ᠲᠦᠩᠯᠢᠶᠣᠣ ᠬᠤᠲᠠ ᠳᠤ ᠬᠤᠯᠪᠣᠭᠳᠠᠬᠤ 3 ᠬᠤᠪᠢ᠂ ᠤᠯᠠᠭᠠᠨᠬᠠᠳᠠ ᠬᠤᠲᠠ ᠳᠤ ᠬᠤᠯᠪᠣᠭᠳᠠᠬᠤ 4 ᠬᠤᠪᠢ᠂ ᠤᠯᠠᠭᠠᠨᠴᠠᠪ ᠬᠤᠲᠠ ᠳᠤ ᠬᠤᠯᠪᠣᠭᠳᠠᠬᠤ 1 ᠬᠤᠪᠢ᠂ ᠣᠷᠳᠣᠰ ᠬᠤᠲᠠ ᠳᠤ ᠬᠤᠯᠪᠣᠭᠳᠠᠬᠤ 4 ᠬᠤᠪᠢ᠂ ᠪᠠᠶᠠᠨᠨᠠᠭᠤᠷ ᠬᠤᠲᠠ ᠳᠤ ᠬᠤᠯᠪᠣᠭᠳᠠᠬᠤ 1 ᠬᠤᠪᠢ᠂ ᠦᠬᠠᠢ ᠬᠤᠲᠠ ᠳᠤ ᠬᠤᠯᠪᠣᠭᠳᠠᠬᠤ 2 ᠬᠤᠪᠢ ᠪᠣᠢ᠃ ᠲᠣᠰ ᠪᠦᠯᠦᠭ ᠵᠠᠬᠢᠳᠠᠯ ᠰᠤᠷᠪᠤᠯᠵᠢᠯᠠᠯ ᠢᠶᠠᠷ ᠢᠯᠡᠴᠢᠯᠡᠨ ᠮᠡᠳᠡᠭᠦᠯᠦᠭᠰᠡᠨ ᠬᠡᠷᠡᠭ ᠲᠤ ᠣᠰᠤᠨ ᠤ ᠪᠣᠬᠢᠷᠳᠤᠯ ᠤᠨ ᠬᠡᠷᠡᠭ 1 ᠬᠤᠪᠢ᠂ ᠠᠭᠠᠷ ᠮᠠᠨᠳᠠᠯ ᠤᠨ ᠪᠣᠬᠢᠷᠳᠤᠯ ᠤᠨ ᠬᠡᠷᠡᠭ 6 ᠬᠤᠪᠢ᠂ ᠬᠥᠷᠥᠰᠥ ᠰᠢᠷᠣᠢ ᠶᠢᠨ ᠪᠣᠬᠢᠷᠳᠤᠯ ᠤᠨ ᠬᠡᠷᠡᠭ 3 ᠬᠤᠪᠢ᠂ ᠠᠮᠢ ᠠᠬᠤᠢ  ᠶᠢ ᠡᠪᠳᠡᠭᠰᠡᠨ ᠬᠡᠷᠡᠭ 14 ᠬᠤᠪᠢ᠂ ᠱᠤᠤᠭᠢᠶᠠᠨ ᠤ ᠪᠣᠬᠢᠷᠳᠤᠯ ᠤᠨ ᠬᠡᠷᠡᠭ 3 ᠬᠤᠪᠢ ᠪᠣᠢ᠃ ᠲᠤᠬᠠᠢ ᠶᠢᠨ ᠡᠳᠦᠷ᠂ ᠳᠡᠭᠡᠷᠡᠬᠢ ᠵᠠᠬᠢᠳᠠᠯ ᠰᠤᠷᠪᠤᠯᠵᠢᠯᠠᠯ ᠢᠶᠠᠷ ᠢᠯᠡᠴᠢᠯᠡᠨ ᠮᠡᠳᠡᠭᠦᠯᠦᠭᠰᠡᠨ ᠬᠡᠷᠡᠭ ᠢ ᠴᠥᠮ ᠬᠠᠮᠢᠶ᠎ᠠ ᠪᠦᠬᠦᠢ ᠠᠶᠢᠮᠠᠭ ᠬᠤᠲᠠ ᠳᠤ ᠰᠢᠯᠵᠢᠭᠦᠯᠦᠨ ᠪᠠᠶᠢᠴᠠᠭᠠᠨ ᠰᠢᠢᠳᠪᠦᠷᠢᠯᠡᠭᠦᠯᠵᠦ ᠪᠠᠶᠢᠨ᠎ᠠ᠃     6 ᠰᠠᠷ᠎ᠠ ᠶᠢᠨ 8 ᠤ ᠡᠳᠦᠷ ᠪᠣᠯᠲᠠᠯ᠎ᠠ᠂ ᠲᠥᠪ ᠤᠨ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠤᠶᠠᠳᠤᠭᠠᠷ ᠬᠢᠨᠠᠨ ᠪᠠᠶᠢᠴᠠᠭᠠᠬᠤ ᠳᠤᠭᠤᠶᠢᠯᠠᠩ ᠠᠴᠠ ᠮᠠᠨ ᠤ ᠣᠷᠣᠨ ᠳᠤ ᠵᠠᠬᠢᠳᠠᠯ ᠰᠤᠷᠪᠤᠯᠵᠢᠯᠠᠯ ᠢᠶᠠᠷ ᠢᠯᠡᠴᠢᠯᠡᠨ ᠮᠡᠳᠡᠭᠦᠯᠦᠭᠰᠡᠨ ᠬᠡᠷᠡᠭ ᠢ ᠨᠡᠶᠢᠲᠡ ᠠᠷᠪᠠᠨ ᠨᠢᠭᠡᠨ ᠪᠦᠯᠦᠭ᠂ 398 ᠬᠤᠪᠢ ︵ᠭᠤᠣᠯᠳᠠᠯᠭ᠎ᠠ ᠲᠠᠢ ᠠᠩᠬᠠᠷᠬᠤ 51 ᠬᠤᠪᠢ︶ ᠶᠢ ᠰᠢᠢᠳᠪᠦᠷᠢᠯᠡᠭᠦᠯᠬᠦ ᠪᠠᠷ ᠲᠤᠰᠢᠶᠠᠵᠠᠢ᠂ ᠡᠭᠦᠨ ᠳᠤ ᠤᠲᠠᠰᠤ ᠪᠠᠷ ᠢᠯᠡᠴᠢᠯᠡᠨ ᠮᠡᠳᠡᠭᠦᠯᠦᠭᠰᠡᠨ ᠬᠡᠷᠡᠭ 254 ᠬᠤᠪᠢ᠂ ᠵᠠᠬᠢᠳᠠᠯ ᠢᠶᠠᠷ ᠢᠯᠡᠴᠢᠯᠡᠨ ᠮᠡᠳᠡᠭᠦᠯᠦᠭᠰᠡᠨ ᠬᠡᠷᠡᠭ 14 ᠬᠤᠪᠢ ᠪᠣᠢ᠃ 398 ᠬᠤᠪᠢ ᠵᠠᠬᠢᠳᠠᠯ ᠰᠤᠷᠪᠤᠯᠵᠢᠯᠠᠯ ᠢᠶᠠᠷ ᠢᠯᠡᠴᠢᠯᠡᠨ ᠮᠡᠳᠡᠭᠦᠯᠦᠭᠰᠡᠨ ᠬᠡᠷᠡᠭ ᠲᠤ ᠬᠥᠬᠡᠬᠤᠲᠠ ᠳᠤ ᠬᠤᠯᠪᠣᠭᠳᠠᠬᠤ 73 ᠬᠤᠪᠢ᠂ ᠪᠤᠭᠤᠲᠤ ᠬᠤᠲᠠ ᠳᠤ ᠬᠤᠯᠪᠣᠭᠳᠠᠬᠤ 28 ᠬᠤᠪᠢ᠂ ᠬᠥᠯᠥᠨ ᠪᠤᠶᠢᠷ ᠬᠤᠲᠠ ᠳᠤ ᠬᠤᠯᠪᠣᠭᠳᠠᠬᠤ 25 ᠬᠤᠪᠢ᠂ ᠬᠢᠩᠭᠠᠨ ᠠᠶᠢᠮᠠᠭ ᠲᠤ ᠬᠤᠯᠪᠣᠭᠳᠠᠬᠤ 25 ᠬᠤᠪᠢ᠂ ᠲᠦᠩᠯᠢᠶᠣᠣ ᠬᠤᠲᠠ ᠳᠤ ᠬᠤᠯᠪᠣᠭᠳᠠᠬᠤ 4 ᠬᠤᠪᠢ᠂ ᠤᠯᠠᠭᠠᠨᠬᠠᠳᠠ ᠬᠤᠲᠠ ᠳᠤ ᠬᠤᠯᠪᠣᠭᠳᠠᠬᠤ 57 ᠬᠤᠪᠢ᠂ ᠰᠢᠯᠢ ᠶᠢᠨ ᠭᠤᠣᠯ ᠠᠶᠢᠮᠠᠭ ᠲᠤ ᠬᠤᠯᠪᠣᠭᠳᠠᠬᠤ 13 ᠬᠤᠪᠢ᠂ ᠤᠯᠠᠭᠠᠨᠴᠠᠪ ᠬᠤᠲᠠ ᠳᠤ ᠬᠤᠯᠪᠣᠭᠳᠠᠬᠤ 29 ᠬᠤᠪᠢ᠂ ᠣᠷᠳᠣᠰ ᠬᠤᠲᠠ ᠳᠤ ᠬᠤᠯᠪᠣᠭᠳᠠᠬᠤ 65 ᠬᠤᠪᠢ᠂ ᠪᠠᠶᠠᠨᠨᠠᠭᠤᠷ ᠬᠤᠲᠠ ᠳᠤ ᠬᠤᠯᠪᠣᠭᠳᠠᠬᠤ 23 ᠬᠤᠪᠢ᠂ ᠦᠬᠠᠢ ᠬᠤᠲᠠ ᠳᠤ ᠬᠤᠯᠪᠣᠭᠳᠠᠬᠤ 12 ᠬᠤᠪᠢ᠂ ᠠᠯᠠᠱᠠ ᠠᠶᠢᠮᠠᠭ  ᠲᠤ ᠬᠤᠯᠪᠣᠭᠳᠠᠬᠤ 4 ᠬᠤᠪᠢ ᠬᠡᠷᠡᠭ ᠪᠣᠢ᠃ 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ