ᠣᠶᠢᠷ᠎ᠠ ᠳᠤ᠂ ᠣᠷᠳᠣᠰ ᠬᠤᠲᠠ ᠶᠢᠨ ᠬᠠᠩᠭᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠮᠡᠳᠡᠭᠡ ᠨᠡᠶᠢᠲᠡᠯᠡᠵᠦ᠂ ᠮᠤᠵᠢ ᠠᠯᠤᠰᠯᠠᠨ | ᠬᠤᠣᠷᠲᠤ ᠡᠳ᠋ ᠫᠠᠨᠽᠠᠯᠠᠭᠰᠠᠨ ᠰᠡᠵᠢᠭᠯᠡᠯᠲᠡᠢ ᠸᠠᠩ ᠣᠪᠣᠭᠲᠤ ᠵᠡᠷᠭᠡ 12 ᠶᠠᠯ᠎ᠠ ᠶᠢᠨ ᠰᠡᠵᠢᠭᠲᠡᠨ ᠢ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ᠃ | 2024 ᠣᠨ ᠤ 6 ᠰᠠᠷ᠎ᠠ ᠳᠤ᠂ ᠬᠠᠩᠭᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠴᠠᠭᠳᠠᠭ᠎ᠠ ᠨᠠᠷ ᠡᠳᠦᠷ ᠲᠤᠲᠤᠮ ᠤᠨ | ᠠᠵᠢᠯ ᠤᠨ ᠳᠤᠮᠳᠠ ᠪᠠᠨ ᠬᠠᠷᠢᠶᠠᠲᠤ ᠣᠷᠣᠨ ᠳᠤ ᠨᠢᠭᠡᠨ ᠬᠠᠤᠯᠢ ᠪᠤᠰᠤ ᠪᠠᠷ ᠬᠤᠣᠷᠲᠤ ᠡᠳ᠋ ᠫᠠᠨᠽᠠᠯᠠᠵᠤ ᠪᠠᠶᠢᠭ᠎ᠠ ᠰᠡᠵᠢᠭᠯᠡᠯᠲᠡᠢ ᠬᠥᠮᠥᠨ ᠪᠠᠶᠢᠬᠤ ᠶᠢ | ᠣᠯᠵᠤ ᠮᠠᠲᠠᠵᠠᠢ᠂ ᠭᠦᠨᠵᠡᠭᠡᠢ ᠪᠠᠶᠢᠴᠠᠭᠠᠯᠲᠠ ᠪᠠᠷ ᠳᠡᠮᠵᠢᠨ᠂ ᠸᠠᠩ ᠣᠪᠣᠭᠲᠤ᠂ ᠴᠠᠢ ᠣᠪᠣᠭᠲᠤ ᠵᠡᠷᠭᠡ 3 ᠬᠥᠮᠥᠨ ᠤ ᠮᠡᠳᠡᠭᠡ ᠵᠠᠩᠭᠢ ᠶᠢ ᠡᠵᠡᠮᠰᠢᠵᠦ᠂ | ᠴᠠᠭᠳᠠᠭ᠎ᠠ ᠨᠠᠷ ᠣᠯᠠᠨ ᠵᠢᠯ ᠤᠨ ᠬᠡᠷᠡᠭ ᠰᠢᠢᠳᠪᠦᠷᠢᠯᠡᠭᠰᠡᠨ ᠲᠤᠷᠰᠢᠯᠭ᠎ᠠ ᠪᠠᠨ ᠦᠨᠳᠦᠰᠦᠯᠡᠨ ᠡᠨᠡ ᠬᠦ ᠰᠦᠪᠡᠭᠴᠢ ᠶᠢᠨ ᠠᠷᠤ ᠳᠤ ᠨᠢᠭᠡᠨ ᠯᠤᠲᠤ ᠶᠡᠭᠡ | ᠬᠤᠣᠷᠲᠤ ᠡᠳ᠋ ᠫᠠᠨᠽᠠᠯᠠᠬᠤ ᠲᠣᠣᠷ ᠪᠠᠶᠢᠨ᠎ᠠ ᠭᠡᠵᠦ ᠮᠠᠭᠠᠳᠯᠠᠪᠠ᠃ ᠬᠠᠩᠭᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠢᠨ ᠲᠤᠰᠬᠠᠢ | ᠬᠡᠷᠡᠭ ᠤᠨ ᠳᠤᠭᠤᠶᠢᠯᠠᠩ ᠪᠠᠶᠢᠭᠤᠯᠵᠤ᠂ ᠲᠣᠰ ᠬᠡᠷᠡᠭ ᠢ ᠲᠠᠩᠨᠠᠨ ᠪᠠᠶᠢᠴᠠᠭᠠᠪᠠ᠃ | ᠲᠤᠰᠬᠠᠢ ᠬᠡᠷᠡᠭ ᠤᠨ ᠳᠤᠭᠤᠶᠢᠯᠠᠩ ᠤᠨ ᠬᠢᠨ︽ᠬᠤᠶᠠᠷ ᠱᠤᠭᠤᠮ ᠢ ᠵᠡᠷᠭᠡ ᠪᠠᠷ ᠶᠠᠪᠤᠭᠳᠠᠭᠤᠯᠬᠤ︾ ᠠᠷᠭ᠎ᠠ ᠠᠪᠴᠤ᠂ ᠨᠢᠭᠡ ᠪᠦᠯᠦᠭ ᠴᠠᠭᠳᠠᠭ᠎ᠠ | ᠨᠠᠷ ᠲᠠᠩᠨᠠᠨ ᠪᠠᠶᠢᠴᠠᠭᠠᠵᠤ᠂ ᠨᠥᠭᠦᠭᠡ ᠨᠢᠭᠡ ᠪᠦᠯᠦᠭ ᠨᠢ ᠬᠡᠷᠡᠭ ᠲᠤ ᠬᠤᠯᠪᠣᠭᠳᠠᠭᠰᠠᠨ ᠬᠥᠮᠥᠰ ᠤᠨ ᠠᠵᠢᠯᠯᠠᠭ᠎ᠠ ᠶᠢᠨ ᠵᠠᠮ ᠢ 24 ᠴᠠᠭ ᠢᠶᠠᠷ ᠬᠢᠨᠠᠨ | ᠡᠵᠡᠮᠳᠡᠪᠡ᠃ ᠴᠠᠭᠳᠠᠭ᠎ᠠ ᠨᠠᠷ ᠳᠡᠮᠡᠢ ᠤᠳᠠᠯ ᠦᠭᠡᠢ ᠸᠠᠩ ᠣᠪᠣᠭᠲᠤ ᠪᠠᠷ ᠲᠣᠯᠣᠭᠠᠶᠢᠯᠠᠭᠤᠯᠤᠭᠰᠠᠨ 3 ᠶᠠᠯ᠎ᠠ ᠶᠢᠨ ᠰᠡᠵᠢᠭᠲᠡᠨ ᠾᠧᠨᠠᠨ ᠠᠴᠠ ᠶᠡᠭᠡ | ᠬᠡᠮᠵᠢᠶᠡᠨ ᠤ ᠬᠤᠣᠷᠲᠤ ᠡᠳ᠋ ᠬᠤᠳᠠᠯᠳᠤᠨ ᠠᠪᠴᠤ᠂ ᠲᠠᠭᠢᠨ ᠪᠣᠯᠪᠠᠰᠤᠷᠠᠭᠤᠯᠤᠭᠠᠳ ᠥᠪᠥᠷ ᠮᠣᠩᠭᠤᠯ ᠤᠨ ᠡᠯ᠎ᠡ ᠭᠠᠵᠠᠷ ᠲᠤ ᠬᠤᠳᠠᠯᠳᠤᠵᠤ ᠪᠠᠶᠢᠬᠤ ᠶᠢ | ᠣᠶᠢᠯᠠᠭᠠᠵᠤ ᠮᠡᠳᠡᠵᠡᠢ᠃ 3 ᠰᠠᠷ᠎ᠠ ᠶᠢᠨ ᠬᠤᠭᠤᠴᠠᠭᠠᠨ ᠳᠤ᠂ ᠴᠠᠭᠳᠠᠭ᠎ᠠ ᠨᠠᠷ ᠨᠢᠭᠡᠨ ᠪᠦᠷᠢᠨ ᠪᠦᠲᠦᠨ ᠶᠠᠯ᠎ᠠ ᠶᠢᠨ ᠬᠡᠯᠬᠢᠶ᠎ᠡ ᠶᠢ ᠭᠠᠷᠭᠠᠭᠰᠠᠨ ᠪᠥᠭᠡᠳ | ᠲᠣᠰ ᠡᠪᠰᠡᠯ ᠪᠦᠯᠦᠭ ᠤᠨ ᠦᠨᠳᠦᠰᠦᠨ ᠵᠣᠬᠢᠶᠠᠨ ᠪᠠᠶᠢᠭᠤᠯᠤᠯᠲᠠ ᠶᠢᠨ ᠪᠦᠲᠦᠴᠡ ᠪᠠ ᠬᠡᠷᠡᠭ ᠲᠤ ᠬᠤᠯᠪᠣᠭᠳᠠᠭᠰᠠᠨ ᠬᠥᠮᠥᠰ ᠤᠨ ᠮᠡᠳᠡᠭᠡ ᠵᠠᠩᠭᠢ ᠶᠢ | ᠲᠣᠳᠣᠷᠬᠠᠢ ᠣᠶᠢᠯᠠᠭᠠᠵᠤ ᠪᠠᠷᠢᠪᠴᠢᠯᠠᠬᠤ ᠠᠵᠢᠯᠯᠠᠭ᠎ᠠ ᠪᠠᠶᠢᠷᠢᠯᠠᠭᠤᠯᠪᠠ᠃ | 2024 ᠣᠨ ᠤ 9 ᠰᠠᠷ᠎ᠠ ᠳᠤ᠂ ᠴᠠᠭᠳᠠᠭᠠᠨ ᠤ ᠲᠠᠯ᠎ᠠ ᠶᠢᠨ ᠬᠢᠨ ᠬᠤᠣᠷᠲᠤ ᠡᠳ᠋ ᠠᠷᠠᠯᠵᠢᠶᠠᠯᠠᠵᠤ ᠪᠠᠶᠢᠭᠰᠠᠨ ᠸᠠᠩ ᠣᠪᠣᠭᠲᠤ ᠵᠡᠷᠭᠡ 3 ᠬᠥᠮᠥᠨ ᠢ | ᠪᠠᠷᠢᠪᠴᠢᠯᠠᠪᠠ᠃ ᠰᠦᠪᠡᠭᠴᠢ ᠶᠢ ᠦᠨᠳᠦᠰᠦᠯᠡᠨ᠂ ᠾᠧᠨᠠᠨ ᠳᠤ ᠬᠦᠷᠴᠦ ᠴᠠᠭᠳᠠᠨ ᠡᠵᠡᠮᠳᠡᠵᠦ᠂ ᠲᠤᠬᠠᠢ ᠶᠢᠨ ᠭᠠᠵᠠᠷ ᠤᠨ ᠴᠠᠭᠳᠠᠭᠠᠨ ᠤ ᠲᠠᠯ᠎ᠠ ᠶᠢᠨ | ᠬᠠᠪᠰᠤᠷᠤᠯᠭ᠎ᠠ ᠳᠣᠣᠷ᠎ᠠ᠂ ᠬᠡᠷᠡᠭ ᠲᠤ ᠬᠤᠯᠪᠣᠭᠳᠠᠭᠰᠠᠨ ᠬᠠᠮᠢᠶ᠎ᠠ ᠪᠦᠬᠦᠢ ᠶᠠᠯ᠎ᠠ ᠶᠢᠨ ᠰᠡᠵᠢᠭᠲᠡᠨ ᠢ ᠪᠠᠷᠢᠪᠴᠢᠯᠠᠬᠤ ᠠᠵᠢᠯᠯᠠᠭ᠎ᠠ ᠥᠷᠨᠢᠭᠦᠯᠪᠡ᠃ | 2024 ᠣᠨ ᠤ 9 ᠰᠠᠷ᠎ᠠ ᠶᠢᠨ 20 ᠤ ᠡᠳᠦᠷ᠂ ᠬᠠᠮᠤᠭ ᠤᠨ ᠰᠡᠭᠦᠯᠴᠢ ᠶᠢᠨ ᠨᠢᠭᠡᠨ ᠶᠠᠯ᠎ᠠ ᠶᠢᠨ ᠰᠡᠵᠢᠭᠲᠡᠨ ᠪᠠᠷᠢᠪᠴᠢᠯᠠᠭᠳᠠᠬᠤ ᠶᠢ ᠳᠠᠭᠠᠯᠳᠤᠨ᠂ | ᠬᠠᠩᠭᠢᠨ ᠬᠤᠰᠢᠭᠤᠨ ᠤ ᠴᠠᠭᠳᠠᠭᠠᠨ ᠤ ᠲᠠᠯ᠎ᠠ ᠶᠢᠨ ᠬᠢᠨ ᠮᠤᠵᠢ ᠠᠯᠤᠰᠯᠠᠨ ᠬᠤᠣᠷᠲᠤ ᠡᠳ᠋ ᠫᠠᠨᠽᠠᠯᠠᠬᠤ ᠡᠪᠰᠡᠯ ᠪᠦᠯᠦᠭ ᠢ ᠰᠦᠢᠷᠡᠭᠦᠯᠵᠦ᠂ ᠶᠠᠯ᠎ᠠ ᠬᠢᠭᠰᠡᠨ | 12 ᠰᠡᠵᠢᠭᠲᠡᠨ ᠢ ᠪᠠᠷᠢᠪᠴᠢᠯᠠᠵᠤ᠂ 37 ᠬᠠᠤᠯᠢ ᠠᠴᠠ ᠵᠥᠷᠢᠴᠡᠭᠰᠡᠨ ᠦᠶᠯᠡ ᠠᠵᠢᠯᠯᠠᠭᠠᠳᠠᠨ ᠢ ᠪᠠᠷᠢᠪᠴᠢᠯᠠᠵᠤ᠂ ᠬᠤᠣᠷᠲᠤ ᠡᠳ᠋ ᠤᠨ ᠲᠦᠭᠦᠬᠡᠢ | ᠮᠠᠲ᠋ᠧᠷᠢᠶᠠᠯ ᠢ ᠨᠡᠶᠢᠲᠡ 63.9 ᠺᠢᠯᠣᠭ᠍ᠷᠠᠮ ᠣᠯᠵᠠᠯᠠᠵᠤ᠂ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠪᠦᠲᠦᠮᠵᠢᠲᠡᠶ ᠴᠣᠬᠢᠯᠲᠠ ᠥᠭᠴᠦ᠂ | ᠬᠤᠣᠷᠲᠤ ᠡᠳ᠋ ᠤᠨ ᠭᠦᠢᠯᠭᠡᠭᠡ ᠶᠢ ᠬᠤᠷᠢᠭᠯᠠᠵᠤ᠂ ᠣᠯᠠᠨ ᠨᠡᠶᠢᠲᠡ ᠶᠢᠨ ᠡᠷᠡᠭᠦᠯ ᠮᠡᠨᠳᠦ ᠪᠠ ᠠᠮᠤᠷ ᠲᠦᠪᠰᠢᠨ ᠢ ᠬᠠᠮᠠᠭᠠᠯᠠᠪᠠ᠃ |