ᠠᠩᠬᠠᠳᠤᠭᠠᠷ ᠬᠤᠭᠤᠴᠠᠭᠠᠨ ᠤ ᠮᠠᠰᠢᠨ ᠬᠥᠮᠥᠨ ᠤ ᠪᠦᠭᠦ ᠠᠵᠤ ᠦᠢᠯᠡᠰ ᠤᠨ ᠴᠥᠷᠬᠡᠯᠡᠭᠡ ᠬᠤᠷᠠᠯ ᠱᠧᠨᠵᠧᠨ ᠳᠤ ᠶᠠᠪᠤᠭᠳᠠᠪᠠ
ᠨᠡᠶᠢᠲᠡᠯᠡᠭᠰᠡᠨ ᠴᠠᠭ᠄
2025/4/28
 

6388136659618028312494791.png

    4 ᠰᠠᠷ᠎ᠠ ᠶᠢᠨ 24 ᠤ ᠡᠳᠦᠷ᠂ ᠠᠩᠬᠠᠳᠤᠭᠠᠷ ᠬᠤᠭᠤᠴᠠᠭᠠᠨ ᠤ ᠮᠠᠰᠢᠨ ᠬᠥᠮᠥᠨ ᠤ ᠪᠦᠭᠦ ᠠᠵᠤ ᠦᠢᠯᠡᠰ ᠤᠨ ᠴᠥᠷᠬᠡᠯᠡᠭᠡ ᠬᠤᠷᠠᠯ ︵FAIR

plus 2025︶ ᠱᠧᠨᠵᠧᠨ ᠤ ᠬᠤᠷᠠᠯ ᠦᠵᠡᠰᠭᠦᠯᠡᠩ ᠤᠨ ᠲᠥᠪ ᠲᠤ ᠡᠬᠢᠯᠡᠵᠦ᠂ ᠪᠦᠭᠦ ᠤᠯᠤᠰ ᠤᠨ ᠡᠯ᠎ᠡ ᠭᠠᠵᠠᠷ ᠤᠨ ᠮᠠᠰᠢᠨ ᠬᠥᠮᠥᠨ ᠤ ᠠᠵᠤ

ᠦᠢᠯᠡᠰ ᠤᠨ ᠬᠡᠯᠬᠢᠶ᠎ᠡ ᠶᠢᠨ 180 ᠰᠢᠬᠠᠮ ᠠᠵᠤ ᠠᠬᠤᠶᠢᠯᠠᠯ ᠣᠷᠣᠯᠴᠠᠪᠠ᠃ 3 ᠡᠳᠦᠷ ᠤᠨ ᠬᠤᠭᠤᠴᠠᠭ᠎ᠠ ᠲᠠᠢ ᠶᠠᠪᠤᠭᠳᠠᠬᠤ ᠲᠤᠰ ᠠᠵᠢᠯᠯᠠᠭ᠎ᠠ ᠶᠢ

ᠱᠧᠨᠵᠧᠨ ᠬᠤᠲᠠ ᠶᠢᠨ ᠮᠠᠰᠢᠨ ᠬᠥᠮᠥᠨ ᠤ ᠨᠡᠶᠢᠭᠡᠮᠯᠢᠭ ᠠᠴᠠ ᠭᠤᠣᠯᠯᠠᠨ ᠡᠷᠭᠢᠯᠡᠪᠡ᠃ ᠵᠢᠷᠤᠭ ᠪᠣᠯ ᠲᠣᠭᠤᠷᠢᠨ ᠦᠵᠡᠭᠴᠢᠳ ᠰᠡᠳᠬᠢᠯᠭᠡ ᠶᠢᠨ

ᠬᠠᠷᠢᠯᠴᠠᠭᠠᠨ ᠤ ᠴᠢᠳᠠᠪᠤᠷᠢ ᠲᠠᠢ ᠬᠥᠮᠥᠨ ᠳᠦᠷᠰᠦᠲᠦ ᠮᠠᠰᠢᠨ ᠬᠥᠮᠥᠨ ᠢ ᠰᠣᠨᠢᠷᠬᠠᠵᠤ ᠪᠠᠶᠢᠭ᠎ᠠ ᠨᠢ᠃

ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ   ᠮᠣᠣ ᠰᠧ ᠴᠢᠶᠠᠨ  ᠰᠡᠭᠦᠳᠡᠷᠯᠡᠪᠡ

ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ