ᠡᠵᠡᠨ ᠬᠤᠷᠤᠭ᠎ᠠ ᠬᠤᠰᠢᠭᠤᠨ ᠤ ᠵᠢᠷᠦᠬᠡ ᠶᠢᠨ ᠭᠤᠣᠯ ᠠᠴᠠ ᠣᠯᠳᠠᠭᠰᠠᠨ ᠡᠳᠦᠭᠡ ᠠᠴᠠ 4200~3500 ᠵᠢᠯ ᠤᠨ ᠡᠮᠦᠨᠡᠬᠢ ᠳᠥᠯᠭᠡᠨ ᠤ | ᠳᠠᠯᠤ᠃ ᠤᠷᠲᠤ ᠨᠢ 30.3cm᠂ ᠥᠷᠭᠡᠨ ᠨᠢ 20.4 cm᠃ ᠵᠢᠷᠦᠬᠡ ᠶᠢᠨ ᠭᠤᠣᠯ ᠠᠴᠠ ᠣᠯᠳᠠᠭᠰᠠᠨ ᠳᠥᠯᠭᠡᠨ ᠤ ᠳᠠᠯᠤᠨ ᠤ ᠳᠡᠶᠢᠯᠦᠩᠬᠡᠢ ᠨᠢ | ᠦᠬᠡᠷ ᠪᠤᠭᠤᠨ ᠤ ᠳᠠᠯᠤ ᠪᠣᠯᠣᠨ᠎ᠠ᠂ ᠬᠠᠶᠠ ᠪᠠᠰᠠ ᠬᠤᠨᠢ ᠢᠮᠠᠭ᠎ᠠ ᠭᠠᠭ᠋ᠠᠢ ᠲᠡᠮᠡᠭᠡᠨ ᠤ ᠳᠠᠯᠤ ᠬᠠᠷᠠᠭᠳᠠᠳᠠᠭ᠃ | ᠳᠠᠯᠤ ᠪᠠᠷ ᠲᠥᠯᠭᠡᠳᠡᠬᠦ ᠳᠤ ᠤᠷᠢᠳᠠᠪᠠᠷ ᠰᠢᠪᠰᠢᠨ᠎ᠡ᠂ ᠰᠢᠪᠰᠢᠭᠰᠡᠨ ᠳᠠᠯᠤᠨ ᠤ ᠬᠠᠷᠢ ᠲᠠᠯ᠎ᠠ ᠶᠢᠨ ᠨᠢᠭᠡ ᠴᠢᠭ ᠳᠡᠭᠡᠷ᠎ᠡ ᠲᠦᠯᠡᠨ᠎ᠡ᠂ ᠳᠠᠷᠠᠭ᠎ᠠ ᠨᠢ | ᠨᠥᠭᠦᠭᠡ ᠲᠠᠯ᠎ᠠ ᠳᠡᠭᠡᠷ᠎ᠡ ᠭᠠᠷᠤᠭᠰᠠᠨ ᠠᠩ ᠴᠠᠪᠠ ᠶᠢ ᠨᠢ ᠰᠢᠨᠵᠢᠵᠦ ᠲᠥᠯᠭᠡᠳᠡᠳᠡᠭ᠃ ᠳᠠᠯᠤᠨ ᠳᠤ ᠳᠠᠯᠠᠨ ᠰᠢᠨᠵᠢ ᠪᠤᠢ ᠲᠤᠯᠠ ᠵᠦᠢᠯ ᠤᠨ ᠤᠯᠠᠨ | ᠲᠥᠯᠭᠡᠳᠡᠵᠦ ᠰᠢᠨᠵᠢᠬᠦ ᠠᠷᠭ᠎ᠠ ᠪᠠᠶᠢᠳᠠᠭ ᠶᠤᠮ᠃ ᠳᠠᠯᠤ ᠪᠠᠷ ᠲᠥᠯᠭᠡᠳᠡᠬᠦ ᠪᠣᠯ ᠤᠮᠠᠷᠠᠲᠤ ᠶᠢᠨ ᠦᠨᠳᠦᠰᠦᠲᠡᠨ ᠤ ᠦᠷᠭᠦᠯᠵᠢ ᠬᠡᠷᠡᠭᠯᠡᠳᠡᠭ ᠲᠥᠯᠭᠡ | ᠮᠡᠷᠭᠡ ᠶᠢᠨ ᠦᠢᠯᠡ ᠪᠣᠯᠣᠨ᠎ᠠ᠃ | | | | | | | | |