4 ᠰᠠᠷ᠎ᠠ ᠶᠢᠨ 15 ᠤ ᠦᠳᠡ ᠶᠢᠨ ᠡᠮᠦᠨ᠎ᠡ᠂ ᠲᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ | ᠤᠯᠤᠰ ᠤᠨ ᠲᠡᠷᠢᠭᠦᠯᠡᠭᠴᠢ ᠰᠢ ᠶᠢᠨ ᠫᠢᠩ ᠬᠠᠨᠤᠢ ᠶᠢᠨ ᠤᠯᠠᠨ ᠤᠯᠤᠰ ᠤᠨ ᠬᠤᠷᠠᠯ ᠤᠨ ᠲᠥᠪ ᠲᠤ ᠸᠢᠶᠧᠲᠨᠠᠮ ᠤᠨ ᠡᠪ ᠬᠠᠮᠲᠤ ᠨᠠᠮ ᠤᠨ ᠲᠥᠪ | ᠬᠤᠷᠢᠶ᠎ᠠ ᠶᠢᠨ ᠶᠡᠷᠦᠩᠬᠡᠢ ᠱᠦᠵᠢ ᠰᠦ᠋ ᠯᠢᠨ᠂ ᠸᠢᠶᠧᠲᠨᠠᠮ ᠤᠨ ᠤᠯᠤᠰ ᠤᠨ ᠲᠡᠷᠢᠭᠦᠯᠡᠭᠴᠢ ᠯᠢᠶᠠᠩ ᠴᠢᠶᠠᠩ ᠲᠠᠢ ᠬᠠᠮᠲᠤ ᠳᠤᠮᠳᠠᠳᠤ ᠸᠢᠶᠧᠲᠨᠠᠮ ᠤᠨ | ᠠᠷᠠᠳ ᠲᠦᠮᠡᠨ ᠤ ᠬᠠᠮᠲᠤᠷᠠᠭᠰᠠᠨ ᠦᠪᠡᠳᠡᠭᠰᠢ ᠨᠠᠶᠢᠷ ᠤᠨ ᠠᠵᠢᠯᠯᠠᠭ᠎ᠠ ᠶᠢᠨ ᠲᠥᠯᠥᠭᠡᠯᠡᠭᠴᠢᠳ ᠲᠠᠢ ᠠᠭᠤᠯᠵᠠᠪᠠ᠃ | ᠬᠤᠶᠠᠷ ᠨᠠᠮ ᠬᠤᠶᠠᠷ ᠤᠯᠤᠰ ᠤᠨ ᠤᠳᠤᠷᠢᠳᠬᠤ ᠬᠥᠮᠥᠰ ᠬᠠᠮᠲᠤ ᠪᠠᠷ ᠬᠤᠷᠠᠯ ᠤᠨ ᠲᠠᠯᠠᠪᠠᠢ ᠳᠤ ᠠᠯᠬᠤᠨ ᠣᠷᠣᠬᠤ ᠦᠶ᠎ᠡ ᠳᠤ ᠳᠤᠮᠳᠠᠳᠤ | ᠸᠢᠶᠧᠲᠨᠠᠮ ᠤᠨ ᠡᠯ᠎ᠡ ᠡᠲᠡᠭᠡᠳ ᠤᠨ ᠨᠥᠭᠦᠷᠰᠡᠭ ᠬᠥᠮᠥᠰ ᠬᠠᠯᠠᠭᠤᠨ ᠠᠯᠠᠭ᠎ᠠ ᠲᠡᠰᠢᠯᠲᠡ ᠪᠠᠷ ᠤᠭᠲᠤᠪᠠ᠃ | ᠰᠢ ᠶᠢᠨ ᠫᠢᠩ ︽ᠡᠶᠡᠯᠳᠡᠭ ᠬᠥᠷᠰᠢ ᠶᠢᠨ ᠨᠥᠭᠦᠷᠰᠡᠭ ᠬᠠᠷᠢᠯᠴᠠᠭᠠᠨ ᠤ ᠭᠤᠣᠯ ᠭᠦᠭ ᠠᠶᠠᠰ ᠢ ᠴᠢᠪᠬᠠᠳᠠᠵᠤ ᠬᠤᠪᠢ ᠵᠠᠶᠠᠭ᠎ᠠ ᠪᠠᠨ | ᠬᠠᠮᠲᠤᠳᠬᠠᠬᠤ ᠰᠢᠨ᠎ᠡ ᠬᠠᠭᠤᠳᠠᠰᠤ ᠶᠢ ᠬᠠᠮᠲᠤ ᠪᠠᠷ ᠪᠢᠴᠢᠭᠯᠡᠶ᠎ᠡ︾ ᠭᠡᠬᠦ ᠰᠡᠳᠦᠪ ᠢᠶᠠᠷ ᠪᠠᠶᠠᠷ ᠤᠨ ᠦᠭᠡ ᠬᠡᠯᠡᠪᠡ᠃ | | | | | | 4 ᠰᠠᠷ᠎ᠠ ᠶᠢᠨ 15 ᠤ ᠦᠳᠡ ᠶᠢᠨ ᠡᠮᠦᠨ᠎ᠡ᠂ ᠲᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ | ᠤᠯᠤᠰ ᠤᠨ ᠲᠡᠷᠢᠭᠦᠯᠡᠭᠴᠢ ᠰᠢ ᠶᠢᠨ ᠫᠢᠩ ᠬᠠᠨᠤᠢ ᠶᠢᠨ ᠤᠯᠠᠨ ᠤᠯᠤᠰ ᠤᠨ ᠬᠤᠷᠠᠯ ᠤᠨ ᠲᠥᠪ ᠲᠤ ᠸᠢᠶᠧᠲᠨᠠᠮ ᠤᠨ ᠡᠪ ᠬᠠᠮᠲᠤ ᠨᠠᠮ ᠤᠨ ᠲᠥᠪ | ᠬᠤᠷᠢᠶ᠎ᠠ ᠶᠢᠨ ᠶᠡᠷᠦᠩᠬᠡᠢ ᠱᠦᠵᠢ ᠰᠦ᠋ ᠯᠢᠨ᠂ ᠸᠢᠶᠧᠲᠨᠠᠮ ᠤᠨ ᠤᠯᠤᠰ ᠤᠨ ᠲᠡᠷᠢᠭᠦᠯᠡᠭᠴᠢ ᠯᠢᠶᠠᠩ ᠴᠢᠶᠠᠩ ᠲᠠᠢ ᠬᠠᠮᠲᠤ ᠳᠤᠮᠳᠠᠳᠤ ᠸᠢᠶᠧᠲᠨᠠᠮ ᠤᠨ | ᠠᠷᠠᠳ ᠲᠦᠮᠡᠨ ᠤ ᠬᠠᠮᠲᠤᠷᠠᠭᠰᠠᠨ ᠦᠪᠡᠳᠡᠭᠰᠢ ᠨᠠᠶᠢᠷ ᠤᠨ ᠠᠵᠢᠯᠯᠠᠭ᠎ᠠ ᠶᠢᠨ ᠲᠥᠯᠥᠭᠡᠯᠡᠭᠴᠢᠳ ᠲᠠᠢ ᠠᠭᠤᠯᠵᠠᠪᠠ᠃ ᠵᠢᠷᠤᠭ ᠪᠣᠯ ᠰᠢ ᠶᠢᠨ ᠫᠢᠩ ︽ | ᠡᠶᠡᠯᠳᠡᠭ ᠬᠥᠷᠰᠢ ᠶᠢᠨ ᠨᠥᠭᠦᠷᠰᠡᠭ ᠬᠠᠷᠢᠯᠴᠠᠭᠠᠨ ᠤ ᠭᠤᠣᠯ ᠭᠦᠭ ᠠᠶᠠᠰ ᠢ ᠴᠢᠪᠬᠠᠳᠠᠵᠤ ᠬᠤᠪᠢ ᠵᠠᠶᠠᠭ᠎ᠠ ᠪᠠᠨ ᠬᠠᠮᠲᠤᠳᠬᠠᠬᠤ ᠰᠢᠨ᠎ᠡ ᠬᠠᠭᠤᠳᠠᠰᠤ ᠶᠢ | ᠬᠠᠮᠲᠤ ᠪᠠᠷ ᠪᠢᠴᠢᠭᠯᠡᠶ᠎ᠡ︾ ᠭᠡᠬᠦ ᠰᠡᠳᠦᠪ ᠢᠶᠠᠷ ᠪᠠᠶᠠᠷ ᠤᠨ ᠦᠭᠡ ᠬᠡᠯᠡᠵᠦ ᠪᠠᠶᠢᠭ᠎ᠠ ᠨᠢ᠃ | ᠰᠢᠨᠬᠤᠸᠠ ᠬᠤᠷᠢᠶᠠᠨ ᠤ ᠰᠤᠷᠪᠤᠯᠵᠢᠯᠠᠬᠴᠢ ᠱᠧᠨ ᠬᠤᠩ ᠰᠡᠭᠦᠳᠡᠷᠯᠡᠪᠡ | ᠰᠢ ᠶᠢᠨ ᠫᠢᠩ ᠠᠵᠢᠯᠯᠠᠭ᠎ᠠ ᠳᠤ ᠣᠷᠣᠯᠴᠠᠬᠰᠠᠨ ᠬᠤᠶᠠᠷ ᠤᠯᠤᠰ ᠤᠨ ᠲᠥᠯᠥᠭᠡᠯᠡᠭᠴᠢᠳ ᠲᠤ ᠴᠢᠩ ᠰᠡᠳᠬᠢᠯ ᠤᠨ ᠮᠡᠨᠳᠦᠴᠢᠯᠡᠯ ᠳᠡᠪᠰᠢᠭᠦᠯᠪᠡ᠃ | ᠰᠢ ᠶᠢᠨ ᠫᠢᠩ᠂ ᠳᠤᠮᠳᠠᠳᠤ ᠸᠢᠶᠧᠲᠨᠠᠮ ᠤᠨ ᠬᠠᠷᠢᠯᠴᠠᠭ᠎ᠠ ᠶᠢᠨ ᠦᠨᠳᠦᠰᠦ ᠰᠠᠭᠤᠷᠢ ᠨᠢ ᠠᠷᠠᠳ ᠲᠦᠮᠡᠨ ᠳᠤ ᠪᠤᠢ᠂ ᠠᠮᠢᠨ ᠰᠤᠳᠠᠰᠤ ᠨᠢ ᠠᠷᠠᠳ | ᠲᠦᠮᠡᠨ ᠳᠤ ᠪᠤᠢ᠂ ᠬᠦᠴᠦᠨ ᠴᠢᠳᠠᠯ ᠨᠢ ᠠᠷᠠᠳ ᠲᠦᠮᠡᠨ ᠳᠤ ᠪᠤᠢ᠃ ᠤᠷᠳᠤ ᠬᠤᠭᠤᠴᠠᠭᠠᠨ ᠤ ᠲᠤᠷᠰᠢ ᠭᠠᠷ ᠬᠤᠯᠪᠣᠨ ᠮᠥᠬᠦᠯ ᠠᠴᠠ ᠠᠪᠤᠷᠠᠵᠤ | ᠣᠷᠣᠰᠢᠯ ᠲᠣᠭᠲᠠᠨᠢᠯ ᠢ ᠬᠥᠭᠡᠭᠡᠴᠡᠯᠳᠦᠨ ᠬᠤᠪᠢᠰᠬᠠᠯ ᠤᠨ ᠣᠴᠢ ᠶᠢ ᠳᠦᠷᠡᠯᠵᠡᠭᠦᠯᠦᠭᠰᠡᠨ ᠠᠴᠠ᠂ ᠮᠥᠷᠥ ᠵᠡᠷᠭᠡᠴᠡᠨ ᠪᠠᠶᠢᠯᠳᠤᠵᠤ ᠤᠯᠤᠰ ᠤᠨ ᠲᠤᠰᠠᠭᠠᠷ | ᠲᠣᠭᠲᠠᠨᠢᠯ ᠪᠣᠯᠣᠨ ᠦᠨᠳᠦᠰᠦᠲᠡᠨ ᠤ ᠴᠢᠯᠦᠭᠡᠯᠡᠯᠲᠡ ᠪᠠᠨ ᠪᠡᠶᠡᠯᠡᠭᠦᠯᠦᠭᠰᠡᠨ ᠭᠦᠷᠲᠡᠯ᠎ᠡ᠂ ᠲᠠᠭᠢᠨ ᠣᠳᠣᠬᠢᠴᠢᠯᠠᠯᠲᠠ ᠶᠢᠨ ᠠᠶᠠᠨ ᠳᠤ ᠬᠠᠮᠲᠤ ᠪᠠᠷ | ᠤᠷᠤᠭᠰᠢᠯᠠᠭᠰᠠᠨ ᠭᠦᠷᠲᠡᠯ᠎ᠡ ᠳᠤᠮᠳᠠᠳᠤ ᠸᠢᠶᠧᠲᠨᠠᠮ ᠬᠤᠶᠠᠷ ᠤᠯᠤᠰ ᠤᠨ ᠠᠷᠠᠳ ᠲᠦᠮᠡᠨ ᠢᠮᠠᠭᠲᠠ ᠬᠠᠲᠠᠭᠤ ᠪᠡᠷᠬᠡᠰᠢᠶᠡᠯ ᠢ ᠬᠠᠮᠲᠤ ᠪᠠᠷ ᠲᠤᠭᠤᠯᠵᠤ᠂ | ᠵᠢᠷᠭᠠᠯ ᠵᠣᠪᠠᠯᠠᠩ ᠢᠶᠠᠨ ᠬᠠᠮᠲᠤᠳᠬᠠᠵᠤ᠂ ᠳᠤᠮᠳᠠᠳᠤ ᠸᠢᠶᠧᠲᠨᠠᠮ ᠤᠨ ᠨᠥᠬᠦᠷᠯᠡᠯ ᠤᠨ ᠲᠡᠦᠬᠡᠨ ᠬᠠᠭᠤᠳᠠᠰᠤ ᠶᠢ ᠬᠠᠮᠲᠤ ᠪᠠᠷ ᠪᠢᠴᠢᠭᠯᠡᠭᠰᠡᠨ ᠶᠤᠮ ᠭᠡᠵᠦ | ᠵᠢᠭᠠᠵᠤ ᠭᠠᠷᠭᠠᠪᠠ᠃ | | | | | | | | 4 ᠰᠠᠷ᠎ᠠ ᠶᠢᠨ 15 ᠤ ᠦᠳᠡ ᠶᠢᠨ ᠡᠮᠦᠨ᠎ᠡ᠂ ᠲᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ | ᠤᠯᠤᠰ ᠤᠨ ᠲᠡᠷᠢᠭᠦᠯᠡᠭᠴᠢ ᠰᠢ ᠶᠢᠨ ᠫᠢᠩ ᠬᠠᠨᠤᠢ ᠶᠢᠨ ᠤᠯᠠᠨ ᠤᠯᠤᠰ ᠤᠨ ᠬᠤᠷᠠᠯ ᠤᠨ ᠲᠥᠪ ᠲᠤ ᠸᠢᠶᠧᠲᠨᠠᠮ ᠤᠨ ᠡᠪ ᠬᠠᠮᠲᠤ ᠨᠠᠮ ᠤᠨ ᠲᠥᠪ | ᠬᠤᠷᠢᠶ᠎ᠠ ᠶᠢᠨ ᠶᠡᠷᠦᠩᠬᠡᠢ ᠱᠦᠵᠢ ᠰᠦ᠋ ᠯᠢᠨ᠂ ᠸᠢᠶᠧᠲᠨᠠᠮ ᠤᠨ ᠤᠯᠤᠰ ᠤᠨ ᠲᠡᠷᠢᠭᠦᠯᠡᠭᠴᠢ ᠯᠢᠶᠠᠩ ᠴᠢᠶᠠᠩ ᠲᠠᠢ ᠬᠠᠮᠲᠤ ᠳᠤᠮᠳᠠᠳᠤ ᠸᠢᠶᠧᠲᠨᠠᠮ ᠤᠨ | ᠠᠷᠠᠳ ᠲᠦᠮᠡᠨ ᠤ ᠬᠠᠮᠲᠤᠷᠠᠭᠰᠠᠨ ᠦᠪᠡᠳᠡᠭᠰᠢ ᠨᠠᠶᠢᠷ ᠤᠨ ᠠᠵᠢᠯᠯᠠᠭ᠎ᠠ ᠶᠢᠨ ᠲᠥᠯᠥᠭᠡᠯᠡᠭᠴᠢᠳ ᠲᠠᠢ ᠠᠭᠤᠯᠵᠠᠪᠠ᠃ ᠵᠢᠷᠤᠭ ᠪᠣᠯ ᠠᠵᠢᠯᠯᠠᠭ᠎ᠠ ᠠᠴᠠ | ᠡᠮᠦᠨ᠎ᠡ ᠰᠢ ᠶᠢᠨ ᠫᠢᠩ ᠰᠦ᠋ ᠯᠢᠨ᠂ ᠯᠢᠶᠠᠩ ᠴᠢᠶᠠᠩ ᠤᠨ ᠪᠠᠷ᠎ᠠ ᠪᠤᠯᠤᠯᠭ᠎ᠠ ᠲᠠᠢ ᠪᠠᠷ ᠳᠤᠮᠳᠠᠳᠤ ᠸᠢᠶᠧᠲᠨᠠᠮ ᠤᠨ ᠭᠠᠳᠠᠭᠠᠳᠤ ᠬᠠᠷᠢᠯᠴᠠᠭ᠎ᠠ ᠪᠠᠶᠢᠭᠤᠯᠤᠭᠰᠠᠨ | 75 ᠵᠢᠯ ᠤᠨ ᠤᠢ ᠶᠢᠨ ᠭᠡᠷᠡᠯ ᠵᠢᠷᠤᠭ ᠤᠨ ᠦᠵᠡᠰᠭᠦᠯᠡᠩ ᠢ ᠰᠣᠨᠢᠷᠬᠠᠵᠤ ᠪᠠᠶᠢᠭ᠎ᠠ ᠨᠢ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠶᠢᠨ ᠪᠦᠸᠧ ᠭᠦ᠋ ᠰᠡᠭᠦᠳᠡᠷᠯᠡᠪᠡ | ᠰᠢ ᠶᠢᠨ ᠫᠢᠩ᠂ ᠳᠤᠮᠳᠠᠳᠤ ᠸᠢᠶᠧᠲᠨᠠᠮ ᠤᠨ ᠨᠥᠬᠦᠷᠯᠡᠯ ᠨᠢ ᠬᠤᠶᠠᠷ ᠤᠯᠤᠰ ᠤᠨ ᠠᠷᠠᠳ ᠲᠦᠮᠡᠨ ᠤ ᠰᠠᠬᠢᠨ ᠪᠠᠷᠠᠯᠠᠵᠤ ᠬᠠᠷᠢᠯᠴᠠᠨ | ᠬᠠᠪᠰᠤᠷᠤᠯᠴᠠᠬᠤ ᠳᠤᠮᠳᠠ ᠦᠨᠳᠦᠰᠦᠯᠡᠨ ᠰᠣᠶᠣᠭᠠᠯᠠᠵᠤ᠂ ᠬᠤᠶᠠᠷ ᠤᠯᠤᠰ ᠤᠨ ᠠᠷᠠᠳ ᠲᠦᠮᠡᠨ ᠤᠯᠤᠰ ᠤᠨ ᠲᠤᠰᠠᠭᠠᠷ ᠲᠣᠭᠲᠠᠨᠢᠯ ᠪᠣᠯᠣᠨ | ᠦᠨᠳᠦᠰᠦᠲᠡᠨ ᠤ ᠴᠢᠯᠦᠭᠡᠯᠡᠯᠲᠡ ᠪᠠᠨ ᠲᠡᠮᠡᠴᠡᠨ ᠣᠯᠬᠤ ᠲᠥᠪ ᠶᠣᠰᠣᠨ ᠤ ᠦᠢᠯᠡᠰ ᠤᠨ ᠳᠤᠮᠳᠠ ᠮᠥᠷᠥ ᠵᠡᠷᠭᠡᠴᠡᠨ ᠪᠠᠶᠢᠯᠳᠤᠵᠤ᠂ ︽ᠨᠥᠬᠦᠷ ᠪᠥᠭᠡᠳ | ᠠᠬ᠎ᠠ ᠳᠡᠭᠦᠦ︾ ᠶᠢᠨ ᠭᠦᠨ ᠵᠤᠵᠠᠭᠠᠨ ᠨᠥᠬᠦᠷᠯᠡᠯ ᠢ ᠭᠠᠯ ᠤᠯᠠᠭᠠᠨ ᠳᠡᠪᠢᠰᠬᠡᠷ ᠥᠩᠭᠡ ᠪᠠᠷ ᠪᠤᠳᠤᠭᠯᠠᠪᠠ᠃ ᠳᠤᠮᠳᠠᠳᠤ ᠸᠢᠶᠧᠲᠨᠠᠮ ᠤᠨ ᠨᠥᠬᠦᠷᠯᠡᠯ ᠨᠢ | ᠬᠤᠶᠠᠷ ᠤᠯᠤᠰ ᠤᠨ ᠠᠷᠠᠳ ᠲᠦᠮᠡᠨ ᠤ ᠪᠦᠯᠬᠦᠮᠳᠡᠯ ᠬᠠᠮᠵᠢᠯᠴᠠᠭ᠎ᠠ ᠳᠤᠮᠳᠠ ᠴᠡᠴᠡᠭᠯᠡᠨ ᠵᠢᠮᠢᠰᠯᠡᠵᠦ᠂ ᠬᠤᠶᠠᠷ ᠲᠠᠯ᠎ᠠ ᠪᠠᠷ ᠢᠶᠠᠨ ︽ᠵᠢᠷᠭᠤᠭᠠᠨ ᠨᠡᠩ | ᠪᠠᠶᠢᠬᠤ︾ ᠶᠡᠷᠦᠩᠬᠡᠢ ᠬᠠᠷᠠᠯᠲᠠ ᠶᠢ ᠪᠠᠲᠤ ᠡᠵᠡᠮᠳᠡᠵᠦ᠂ ᠲᠤᠰ ᠲᠤᠰ ᠤᠨ ᠢᠶᠠᠨ ᠤᠯᠤᠰ ᠤᠨ ᠪᠠᠶᠢᠳᠠᠯ ᠳᠤ ᠨᠡᠶᠢᠴᠡᠭᠰᠡᠨ ᠨᠡᠶᠢᠭᠡᠮ ᠵᠢᠷᠤᠮ ᠤᠨ ᠵᠠᠮ ᠢᠶᠠᠷ | ᠵᠠᠮᠨᠠᠬᠤ ᠶᠢ ᠡᠷᠡᠰ ᠲᠡᠮᠵᠢᠵᠤ᠂ ᠨᠡᠶᠢᠭᠡᠮ ᠵᠢᠷᠤᠮ ᠤᠨ ᠪᠦᠲᠦᠭᠡᠨ ᠪᠠᠶᠢᠭᠤᠯᠤᠯᠲᠠ ᠶᠢᠨ ᠦᠢᠯᠡᠰ ᠤᠨ ᠰᠢᠨ᠎ᠡ ᠠᠮᠵᠢᠯᠲᠠ ᠶᠢ ᠲᠠᠰᠤᠷᠠᠯᠳᠠ ᠦᠭᠡᠢ ᠡᠭᠦᠳᠪᠡ᠃ | ᠳᠤᠮᠳᠠᠳᠤ ᠸᠢᠶᠧᠲᠨᠠᠮ ᠤᠨ ᠨᠥᠬᠦᠷᠯᠡᠯ ᠬᠤᠶᠠᠷ ᠤᠯᠤᠰ ᠤᠨ ᠠᠷᠠᠳ ᠲᠦᠮᠡᠨ ᠤ ᠬᠠᠮᠲᠤ ᠶᠢᠨ ᠬᠥᠭᠡᠭᠡᠴᠡᠯᠳᠦᠯ ᠳᠤᠮᠳᠠ ᠤᠯᠠᠮᠵᠢᠯᠠᠭᠳᠠᠨ ᠭᠦᠨᠵᠡᠭᠡᠶᠢᠷᠡᠵᠦ᠂ | ᠬᠤᠶᠠᠷ ᠲᠠᠯ᠎ᠠ ᠪᠠᠷ ᠢᠶᠠᠨ ᠪᠦᠭᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ᠂ ᠪᠦᠭᠦ ᠪᠥᠮᠪᠥᠷᠴᠡᠭ ᠤᠨ ᠠᠮᠤᠷ ᠲᠦᠪᠰᠢᠨ ᠤ ᠰᠠᠨᠠᠭᠠᠴᠢᠯᠠᠭ᠎ᠠ᠂ | ᠪᠦᠭᠦ ᠪᠥᠮᠪᠥᠷᠴᠡᠭ ᠤᠨ ᠪᠣᠯᠪᠠᠰᠤᠨ ᠤ ᠰᠠᠨᠠᠭᠠᠴᠢᠯᠠᠭ᠎ᠠ ᠶᠢ ᠢᠳᠡᠪᠬᠢᠲᠡᠢ ᠦᠢᠯᠡᠳᠦᠯᠭᠡᠵᠢᠭᠦᠯᠵᠦ᠂ ᠳᠡᠯᠡᠬᠡᠢ ᠶᠢᠨ ᠲᠥᠪ ᠭᠤᠣᠯᠴᠢ ᠰᠢᠳᠤᠷᠭᠤ ᠶᠣᠰᠣ ᠶᠢ | ᠡᠷᠡᠰ ᠬᠠᠮᠠᠭᠠᠯᠠᠵᠤ᠂ ᠢᠮᠠᠭᠲᠠ ᠲᠡᠦᠬᠡ ᠶᠢᠨ ᠵᠥᠪ ᠲᠠᠯ᠎ᠠ᠂ ᠴᠠᠭ ᠦᠶ᠎ᠡ ᠶᠢᠨ ᠲᠠᠪᠰᠢᠯᠳᠠ ᠶᠢᠨ ᠲᠠᠯ᠎ᠠ ᠳᠤ ᠪᠠᠲᠤ ᠵᠣᠭᠰᠣᠵᠤ᠂ ᠠᠽᠢᠶ᠎ᠠ ᠲᠢᠪ ᠪᠣᠯᠣᠨ | ᠳᠡᠯᠡᠬᠡᠢ ᠳ᠋ᠠᠬᠢᠨ ᠳᠤ ᠨᠡᠩ ᠤᠯᠠᠨ ᠢᠳᠡᠪᠬᠢ ᠬᠦᠴᠦᠨ ᠬᠠᠩᠭᠠᠵᠠᠢ ᠭᠡᠵᠦ ᠴᠢᠬᠤᠯᠠᠴᠢᠯᠠᠪᠠ᠃ | | | | | | | | 4 ᠰᠠᠷ᠎ᠠ ᠶᠢᠨ 15 ᠤ ᠦᠳᠡ ᠶᠢᠨ ᠡᠮᠦᠨ᠎ᠡ᠂ ᠲᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ | ᠤᠯᠤᠰ ᠤᠨ ᠲᠡᠷᠢᠭᠦᠯᠡᠭᠴᠢ ᠰᠢ ᠶᠢᠨ ᠫᠢᠩ ᠬᠠᠨᠤᠢ ᠶᠢᠨ ᠤᠯᠠᠨ ᠤᠯᠤᠰ ᠤᠨ ᠬᠤᠷᠠᠯ ᠤᠨ ᠲᠥᠪ ᠲᠤ ᠸᠢᠶᠧᠲᠨᠠᠮ ᠤᠨ ᠡᠪ ᠬᠠᠮᠲᠤ ᠨᠠᠮ ᠤᠨ ᠲᠥᠪ | ᠬᠤᠷᠢᠶ᠎ᠠ ᠶᠢᠨ ᠶᠡᠷᠦᠩᠬᠡᠢ ᠱᠦᠵᠢ ᠰᠦ᠋ ᠯᠢᠨ᠂ ᠸᠢᠶᠧᠲᠨᠠᠮ ᠤᠨ ᠤᠯᠤᠰ ᠤᠨ ᠲᠡᠷᠢᠭᠦᠯᠡᠭᠴᠢ ᠯᠢᠶᠠᠩ ᠴᠢᠶᠠᠩ ᠲᠠᠢ ᠬᠠᠮᠲᠤ ᠳᠤᠮᠳᠠᠳᠤ ᠸᠢᠶᠧᠲᠨᠠᠮ ᠤᠨ | ᠠᠷᠠᠳ ᠲᠦᠮᠡᠨ ᠤ ᠬᠠᠮᠲᠤᠷᠠᠭᠰᠠᠨ ᠦᠪᠡᠳᠡᠭᠰᠢ ᠨᠠᠶᠢᠷ ᠤᠨ ᠠᠵᠢᠯᠯᠠᠭ᠎ᠠ ᠶᠢᠨ ᠲᠥᠯᠥᠭᠡᠯᠡᠭᠴᠢᠳ ᠲᠠᠢ ᠠᠭᠤᠯᠵᠠᠪᠠ᠃ ᠵᠢᠷᠤᠭ ᠪᠣᠯ ᠠᠵᠢᠯᠯᠠᠭ᠎ᠠ ᠶᠢᠨ | ᠳᠠᠷᠠᠭ᠎ᠠ ᠰᠢ ᠶᠢᠨ ᠫᠢᠩ ᠪᠣᠯᠣᠨ ᠰᠦ᠋ ᠯᠢᠨ᠂ ᠯᠢᠶᠠᠩ ᠴᠢᠶᠠᠩ ᠬᠠᠮᠲᠤ ᠪᠠᠷ ︽ ᠬᠤᠪᠢᠰᠬᠠᠯᠲᠤ ᠰᠤᠳᠤᠯᠤᠨ ᠰᠤᠷᠤᠯᠴᠠᠬᠤ ᠠᠶᠠᠯᠠᠯ︾ ᠤᠨ ᠲᠦᠷᠦᠯ | ᠵᠦᠢᠯ ᠢ ᠡᠬᠢᠯᠡᠭᠦᠯᠵᠦ ᠪᠠᠶᠢᠭ᠎ᠠ ᠨᠢ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠱᠧᠨ ᠬᠤᠩ ᠰᠡᠭᠦᠳᠡᠷᠯᠡᠪᠡ | ᠰᠢ ᠶᠢᠨ ᠫᠢᠩ᠂ ᠠᠷᠠᠳ ᠲᠦᠮᠡᠨ ᠪᠣᠯ ᠲᠡᠦᠬᠡ ᠶᠢ ᠡᠭᠦᠳᠦᠨ ᠪᠦᠲᠦᠭᠡᠭᠴᠢ ᠮᠥᠨ᠂ ᠬᠤᠶᠠᠷ ᠤᠯᠤᠰ ᠤᠨ ᠠᠷᠠᠳ ᠲᠦᠮᠡᠨ ᠤ ᠬᠦᠷᠢᠶᠡᠯᠡᠯ ᠪᠣᠯᠣᠨ | ᠳᠡᠮᠵᠢᠯᠭᠡ ᠪᠣᠯ ᠳᠤᠮᠳᠠᠳᠤ ᠸᠢᠶᠧᠲᠨᠠᠮ ᠤᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢᠨ ᠪᠠᠲᠤ ᠪᠠᠬᠢ ᠰᠠᠭᠤᠷᠢ ᠮᠥᠨ᠃ | ᠵᠠᠯᠠᠭᠤᠴᠤᠳ ᠪᠣᠯ ᠠᠵᠢᠯ ᠦᠢᠯᠡᠰ ᠤᠨ ᠢᠷᠡᠭᠡᠳᠦᠢ ᠪᠠ ᠬᠦᠰᠡᠯ ᠡᠷᠡᠮᠡᠯᠵᠡᠯ ᠮᠥᠨ᠃ ᠳᠤᠮᠳᠠᠳᠤ ᠤᠯᠤᠰ ᠬᠤᠶᠢᠰᠢᠳᠠ ᠶᠢᠨ 3 ᠵᠢᠯ ᠳᠤ ᠸᠢᠶᠧᠲᠨᠠᠮ ᠤᠨ | ᠵᠠᠯᠠᠭᠤᠴᠤᠳ ᠢ ᠳᠤᠮᠳᠠᠳᠤ ᠤᠯᠤᠰ ᠲᠤ ᠤᠷᠢᠵᠤ ︽ᠬᠤᠪᠢᠰᠬᠠᠯᠲᠤ ᠰᠤᠳᠤᠯᠤᠨ ᠰᠤᠷᠤᠯᠴᠠᠬᠤ ᠠᠶᠠᠯᠠᠯ︾ ᠢ ᠥᠷᠨᠢᠭᠦᠯᠵᠦ᠂ ᠬᠤᠶᠠᠷ ᠨᠠᠮ ᠬᠤᠶᠠᠷ | ᠤᠯᠤᠰ ᠤᠨ ᠠᠬᠠᠮᠠᠳ ᠨᠢᠭᠡ ᠦᠶ᠎ᠡ ᠶᠢᠨ ᠤᠳᠤᠷᠢᠳᠬᠤ ᠬᠥᠮᠥᠰ ᠤᠨ ᠬᠤᠪᠢᠰᠬᠠᠯ ᠤᠨ ᠤᠯᠠ ᠮᠥᠷ ᠢ ᠮᠥᠷᠳᠡᠵᠦ᠂ ᠳᠤᠮᠳᠠᠳᠤ ᠸᠢᠶᠧᠲᠨᠠᠮ ᠤᠨ | ᠨᠥᠬᠦᠷᠯᠡᠯ ᠤᠨ ᠬᠤᠪᠢᠰᠬᠠᠯᠲᠤ ᠤᠳᠤᠮᠰᠢᠯ ᠢ ᠡᠷᠢᠯᠬᠢᠯᠡᠵᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠤᠯᠠᠨ ᠲᠠᠯ᠎ᠠ ᠶᠢᠨ ᠥᠩᠭᠡ | ᠢᠯᠭᠠᠷᠠᠭᠰᠠᠨ ᠳᠦᠷᠰᠦ ᠪᠠᠶᠢᠳᠠᠯ ᠢ ᠣᠶᠢᠯᠠᠭᠠᠵᠤ᠂ ᠬᠤᠶᠠᠷ ᠤᠯᠤᠰ ᠤᠨ ᠲᠤᠰ ᠲᠤᠰ ᠤᠨ ᠨᠡᠶᠢᠭᠡᠮ ᠵᠢᠷᠤᠮ ᠤᠨ ᠠᠵᠢᠯ ᠦᠢᠯᠡᠰ ᠪᠣᠯᠣᠨ ᠪᠠᠶᠢᠯᠳᠤᠬᠤ | ᠪᠣᠳᠣᠯᠭ᠎ᠠ ᠶᠢᠨ ᠠᠴᠢ ᠬᠤᠯᠪᠣᠭᠳᠠᠯ ᠪᠦᠬᠦᠢ ᠳᠤᠮᠳᠠᠳᠤ ᠸᠢᠶᠧᠲᠨᠠᠮ ᠤᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠳᠤ ᠵᠠᠯᠠᠭᠤ | ᠨᠠᠰᠤᠨ ᠤ ᠬᠦᠴᠦᠨ ᠴᠢᠳᠠᠯ ᠢ ᠨᠢᠭᠲᠠᠷᠠᠭᠤᠯᠤᠨ᠎ᠠ ᠭᠡᠵᠦ ᠵᠢᠭᠠᠵᠤ ᠭᠠᠷᠭᠠᠪᠠ᠃ | ᠰᠦ᠋ ᠯᠢᠨ᠂ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ ᠰᠢ ᠶᠢᠨ ᠫᠢᠩ ᠸᠢᠶᠧᠲᠨᠠᠮ ᠳᠤ ᠲᠡᠦᠬᠡᠲᠦ ᠴᠢᠨᠠᠷᠲᠠᠢ ᠠᠶᠢᠯᠴᠢᠯᠠᠯᠲᠠ ᠬᠢᠵᠦ᠂ ᠬᠤᠶᠠᠷ | ᠤᠯᠤᠰ ᠢᠶᠠᠷ ᠢᠶᠠᠨ ᠭᠠᠳᠠᠭᠠᠳᠤ ᠬᠠᠷᠢᠯᠴᠠᠭ᠎ᠠ ᠪᠠᠶᠢᠭᠤᠯᠤᠭᠰᠠᠨ 75 ᠵᠢᠯ ᠤᠨ ᠤᠢ ᠪᠣᠯᠣᠨ ᠰᠣᠶᠣᠯ ᠢᠷᠭᠡᠨᠰᠢᠯ ᠤᠨ ᠰᠣᠯᠢᠯᠴᠠᠭᠠᠨ ᠤ ᠣᠨ ᠢ ᠬᠠᠮᠲᠤ ᠪᠠᠷ | ᠪᠡᠯᠭᠡᠯᠡᠬᠦ ᠲᠠᠰᠢᠷᠠᠮ ᠳᠤ ᠳᠤᠮᠳᠠᠳᠤ ᠸᠢᠶᠧᠲᠨᠠᠮ ᠤᠨ ᠠᠷᠠᠳ ᠲᠦᠮᠡᠨ ᠤ ᠬᠠᠮᠲᠤᠷᠠᠭᠰᠠᠨ ᠦᠪᠡᠳᠡᠭᠰᠢ ᠨᠠᠶᠢᠷ ᠢ ᠡᠷᠭᠢᠯᠡᠭᠦ ᠨᠢ ᠴᠢᠬᠤᠯᠠ ᠠᠴᠢ | ᠬᠤᠯᠪᠣᠭᠳᠠᠯ ᠲᠠᠢ ᠶᠤᠮ᠃ ᠨᠥᠭᠦᠷᠰᠡᠭ ᠬᠠᠮᠲᠤᠷᠠᠯᠴᠠᠭ᠎ᠠ ᠪᠣᠯ ᠸᠢᠶᠧᠲᠨᠠᠮ ᠳᠤᠮᠳᠠᠳᠤ ᠶᠢᠨ ᠬᠠᠷᠢᠯᠴᠠᠭ᠎ᠠ ᠶᠢᠨ ᠭᠤᠣᠯ ᠤᠷᠤᠰᠬᠠᠯ ᠪᠣᠯᠣᠭᠰᠠᠭᠠᠷ ᠢᠷᠡᠵᠠᠢ᠂ | ᠳᠤᠮᠳᠠᠳᠤ ᠤᠯᠤᠰ ᠤᠨ ᠨᠠᠮ᠂ ᠵᠠᠰᠠᠭ ᠤᠨ ᠣᠷᠳᠣᠨ ᠪᠣᠯᠣᠨ ᠠᠷᠠᠳ ᠲᠦᠮᠡᠨ ᠸᠢᠶᠧᠲᠨᠠᠮ ᠤᠨ ᠦᠨᠳᠦᠰᠦᠲᠡᠨ ᠤ ᠲᠤᠰᠠᠭᠠᠷ ᠲᠣᠭᠲᠠᠨᠢᠯ᠂ ᠤᠯᠤᠰ ᠤᠨ | ᠨᠢᠭᠡᠳᠦᠯ ᠪᠣᠯᠣᠨ ᠪᠦᠲᠦᠭᠡᠨ ᠪᠠᠶᠢᠭᠤᠯᠤᠯᠲᠠ ᠶᠢᠨ ᠠᠬᠢᠴᠠ ᠳᠤ ᠬᠠᠷᠠᠮ ᠦᠭᠡᠢ ᠬᠠᠪᠰᠤᠷᠤᠯᠭ᠎ᠠ ᠦᠵᠡᠭᠦᠯᠵᠡᠢ᠂ ᠸᠢᠶᠧᠲᠨᠠᠮ ᠤᠨ ᠬᠢᠨ ᠡᠭᠦᠨ ᠢ ᠢᠮᠠᠭᠲᠠ | ᠪᠠᠲᠤ ᠴᠡᠭᠡᠵᠢᠯᠡᠨ᠎ᠡ᠃ ᠪᠠᠶᠢᠯᠳᠤᠬᠤ ᠪᠣᠳᠣᠯᠭ᠎ᠠ ᠶᠢᠨ ᠠᠴᠢ ᠬᠤᠯᠪᠣᠭᠳᠠᠯ ᠪᠦᠬᠦᠢ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠵᠤ ᠸᠢᠶᠧᠲᠨᠠᠮ | ᠳᠤᠮᠳᠠᠳᠤ ᠶᠢᠨ ᠬᠠᠷᠢᠯᠴᠠᠭ᠎ᠠ ᠶᠢᠨ ᠰᠢᠨ᠎ᠡ ᠱᠠᠲᠤᠨ ᠳᠤ ᠣᠷᠣᠬᠤ ᠶᠢ ᠬᠥᠲᠥᠯᠥᠨ ᠳᠠᠭᠠᠭᠤᠯᠬᠤ ᠨᠢ ᠪᠠᠰᠠ ᠬᠥᠮᠥᠨ ᠲᠥᠷᠥᠯᠬᠢᠲᠡᠨ ᠤ ᠬᠥᠭᠵᠢᠯᠲᠡ | ᠲᠠᠪᠰᠢᠯᠳᠠ ᠳᠤ ᠴᠢᠬᠤᠯᠠ ᠬᠤᠪᠢ ᠨᠡᠮᠡᠷᠢ ᠦᠵᠡᠭᠦᠯᠭᠦ ᠪᠣᠯᠣᠨ᠎ᠠ᠃ ᠵᠠᠯᠠᠭᠤᠴᠤᠳ ᠪᠣᠯ ᠬᠤᠶᠠᠷ ᠤᠯᠤᠰ ᠤᠨ ᠤᠯᠠᠮᠵᠢᠯᠠᠯᠲᠤ ᠨᠥᠬᠦᠷᠯᠡᠯ ᠢ ᠤᠯᠠᠮᠵᠢᠯᠠᠨ | ᠬᠥᠭᠵᠢᠭᠦᠯᠬᠦ ᠬᠦᠰᠡᠯ ᠡᠷᠡᠮᠡᠯᠵᠡᠯ ᠮᠥᠨ᠃ ᠸᠢᠶᠧᠲᠨᠠᠮ ᠳᠤᠮᠳᠠᠳᠤ ᠶᠢᠨ ᠵᠠᠯᠠᠭᠤᠴᠤᠳ ᠲᠡᠦᠬᠡᠲᠦ ᠡᠭᠦᠷᠭᠡ ᠪᠠᠨ ᠡᠭᠦᠷᠭᠡᠯᠡᠵᠦ᠂ ᠬᠤᠶᠠᠷ ᠤᠯᠤᠰ ᠤᠨ ᠦᠶ᠎ᠡ | ᠦᠶ᠎ᠡ ᠶᠢᠨ ᠤᠳᠤᠷᠢᠳᠬᠤ ᠬᠥᠮᠥᠰ ᠤᠨ ᠪᠡᠶ᠎ᠡ ᠪᠠᠷ ᠢᠶᠠᠨ ᠴᠣᠭᠴᠠᠯᠠᠨ ᠪᠠᠶᠢᠭᠤᠯᠵᠤ ᠪᠣᠶᠢᠵᠢᠭᠤᠯᠤᠭᠰᠠᠨ ᠤᠯᠠᠮᠵᠢᠯᠠᠯᠲᠤ ᠨᠥᠬᠦᠷᠯᠡᠯ ᠢ ᠦᠶ᠎ᠡ ᠶᠢᠨ | ᠦᠶ᠎ᠡ ᠳᠤ ᠤᠯᠠᠮᠵᠢᠯᠠᠶ᠎ᠠ︔ ᠸᠢᠶᠧᠲᠨᠠᠮ ᠤᠨ ᠵᠠᠯᠠᠭᠤᠴᠤᠳ ᠤᠨ ᠳᠤᠮᠳᠠᠳᠤ ᠤᠯᠤᠰ ᠲᠤ ᠣᠴᠢᠵᠤ ︽ᠬᠤᠪᠢᠰᠬᠠᠯᠲᠤ ᠰᠤᠳᠤᠯᠤᠨ ᠰᠤᠷᠤᠯᠴᠠᠬᠤ ᠠᠶᠠᠯᠠᠯ︾ | ᠤᠨ ᠠᠵᠢᠯᠯᠠᠭ᠎ᠠ ᠶᠢ ᠰᠠᠶᠢᠲᠤᠷ ᠥᠷᠨᠢᠭᠦᠯᠵᠦ᠂ ᠬᠤᠶᠠᠷ ᠤᠯᠤᠰ ᠤᠨ ︽ᠨᠥᠬᠦᠷ ᠪᠥᠭᠡᠳ ᠠᠬ᠎ᠠ ᠳᠡᠭᠦᠦ︾ ᠶᠢᠨ ᠨᠥᠬᠦᠷᠯᠡᠯ ᠢ ᠭᠦᠨᠵᠡᠭᠡᠶᠢᠷᠡᠭᠦᠯᠦᠶ᠎ᠡ︔ | ᠵᠠᠮ ᠨᠡᠭᠡᠭᠡᠨ ᠰᠢᠨ᠎ᠡ ᠶᠢ ᠡᠭᠦᠳᠴᠦ᠂ ᠪᠦᠯᠬᠦᠮᠳᠡᠨ ᠬᠠᠮᠵᠢᠯᠴᠠᠵᠤ᠂ ᠬᠥᠭᠵᠢᠯᠲᠡ ᠶᠢ ᠬᠠᠮᠲᠤ ᠪᠠᠷ ᠡᠷᠢᠯᠬᠢᠯᠡᠵᠦ᠂ ᠬᠤᠶᠠᠷ ᠤᠯᠤᠰ ᠤᠨ ᠣᠳᠣᠬᠢᠴᠢᠯᠠᠯᠲᠠ ᠶᠢ | ᠪᠡᠶᠡᠯᠡᠭᠦᠯᠬᠦ ᠳᠤ ᠭᠤᠣᠯ ᠬᠦᠴᠦᠨ ᠴᠡᠷᠢᠭ ᠤᠨ ᠦᠢᠯᠡᠳᠦᠯ ᠢᠶᠠᠨ ᠪᠠᠳᠠᠷᠠᠭᠤᠯᠤᠶ᠎ᠠ ᠭᠡᠵᠦ ᠢᠯᠡᠳᠬᠡᠪᠡ᠃ | ᠠᠵᠢᠯᠯᠠᠭ᠎ᠠ ᠠᠴᠠ ᠡᠮᠦᠨ᠎ᠡ ᠰᠢ ᠶᠢᠨ ᠫᠢᠩ ᠰᠦ᠋ ᠯᠢᠨ᠂ ᠯᠢᠶᠠᠩ ᠴᠢᠶᠠᠩ ᠤᠨ ᠪᠠᠷ᠎ᠠ ᠪᠤᠯᠤᠯᠭ᠎ᠠ ᠲᠠᠢ ᠪᠠᠷ ᠳᠤᠮᠳᠠᠳᠤ ᠸᠢᠶᠧᠲᠨᠠᠮ ᠤᠨ ᠭᠠᠳᠠᠭᠠᠳᠤ | ᠬᠠᠷᠢᠯᠴᠠᠭ᠎ᠠ ᠪᠠᠶᠢᠭᠤᠯᠤᠭᠰᠠᠨ 75 ᠵᠢᠯ ᠤᠨ ᠤᠢ ᠶᠢᠨ ᠭᠡᠷᠡᠯ ᠵᠢᠷᠤᠭ ᠤᠨ ᠦᠵᠡᠰᠭᠦᠯᠡᠩ ᠢ ᠰᠣᠨᠢᠷᠬᠠᠵᠤ᠂ ᠳᠤᠮᠳᠠᠳᠤ ᠸᠢᠶᠧᠲᠨᠠᠮ ᠬᠤᠶᠠᠷ ᠲᠠᠯ᠎ᠠ ᠶᠢᠨ | ᠨᠥᠭᠦᠷᠰᠡᠭ ᠶᠠᠪᠤᠯᠴᠠᠭ᠎ᠠ ᠶᠢᠨ ᠬᠤᠪᠣᠷ ᠨᠠᠨᠳᠢᠨ ᠵᠢᠷᠤᠭ ᠳᠦᠷᠰᠦ ᠶᠢ ᠡᠷᠭᠢᠴᠡᠭᠦᠯᠪᠡ᠃ | ᠠᠵᠢᠯᠯᠠᠭ᠎ᠠ ᠶᠢᠨ ᠳᠠᠷᠠᠭ᠎ᠠ ᠰᠢ ᠶᠢᠨ ᠫᠢᠩ ᠪᠣᠯᠣᠨ ᠰᠦ᠋ ᠯᠢᠨ᠂ ᠯᠢᠶᠠᠩ ᠴᠢᠶᠠᠩ ᠬᠠᠮᠲᠤ ᠪᠠᠷ ︽ᠬᠤᠪᠢᠰᠬᠠᠯᠲᠤ ᠰᠤᠳᠤᠯᠤᠨ ᠰᠤᠷᠤᠯᠴᠠᠬᠤ ᠠᠶᠠᠯᠠᠯ︾ | ᠤᠨ ᠲᠦᠷᠦᠯ ᠵᠦᠢᠯ ᠢ ᠡᠬᠢᠯᠡᠭᠦᠯᠪᠡ᠃ ᠰᠢ ᠶᠢᠨ ᠫᠢᠩ ᠪᠣᠯᠣᠨ ᠰᠦ᠋ ᠯᠢᠨ᠂ ᠹᠠᠨ ᠮᠢᠩ ᠵᠧᠩ ᠬᠠᠮᠲᠤ ᠪᠠᠷ ᠳᠤᠮᠳᠠᠳᠤ ᠸᠢᠶᠧᠲᠨᠠᠮ ᠤᠨ ᠲᠡᠮᠦᠷ ᠵᠠᠮ ᠤᠨ | ᠬᠠᠮᠲᠤᠷᠠᠯᠴᠠᠭᠠᠨ ᠤ ᠲᠣᠭᠲᠠᠴᠠ ᠶᠢᠨ ᠡᠭᠢᠯᠡᠯᠲᠡ ᠶᠢᠨ ᠶᠣᠰᠣᠯᠠᠯ ᠢ ᠭᠡᠷᠡᠴᠢᠯᠡᠪᠡ᠃ | ᠼᠠᠢ ᠴᠢ᠂ ᠸᠠᠩ ᠢ᠂ ᠸᠠᠩ ᠰᠢᠶᠣᠣ ᠬᠤᠩ ᠨᠠᠷ ᠳᠡᠭᠡᠷᠡᠬᠢ ᠠᠵᠢᠯᠯᠠᠭ᠎ᠠ ᠳᠤ ᠣᠷᠣᠯᠴᠠᠪᠠ᠃ | |