【 ᠣᠷᠠᠳ ᠠᠷᠠᠳ ᠤᠨ ᠳᠠᠭᠤᠣ】 ᠬᠤᠳᠳᠤᠭ ᠪᠣᠯᠠᠭ
ᠨᠡᠶᠢᠲᠡᠯᠡᠭᠰᠡᠨ ᠴᠠᠭ᠄
2025/3/31
 ᠬᠤᠷᠳᠣᠨ ᠬᠡᠬᠡᠷ ᠢ ᠪᠠᠨ ᠣᠨᠣᠶ᠎ᠠ ᠳ᠋ᠠ ᠬᠦ᠋ ᠬᠤᠳᠳᠤᠭ ᠪᠣᠯᠠᠭ ᠲᠠᠭᠠᠨ ᠬᠠᠷᠢᠶ᠎ᠠ ᠳ᠋ᠠ ᠬᠦ᠋ ᠬᠤᠷᠴᠠ ᠵᠡᠪᠰᠡᠭ ᠢᠶᠠᠨ ᠠᠳᠬᠤᠶ᠎ᠠ ᠳ᠋ᠠ ᠬᠦ᠋ ᠬᠦᠢ ᠬᠦᠢ ᠲᠠᠶᠢᠰᠦᠨ ᠢ ᠳᠠᠷᠣᠶ᠎ᠠ ᠳ᠋ᠠ ᠬᠦ᠋  ᠠᠯᠢᠮ᠎ᠠ ᠭᠡᠭᠴᠢ ᠨᠢ ᠠᠷᠠᠭᠠᠨ ᠳᠠᠭᠠᠨ ᠠᠮᠠᠷᠠᠭ ᠭᠡᠭᠴᠢ ᠨᠢ ᠰᠠᠨᠠᠭᠠᠨ ᠳ᠋ᠠ ᠬᠦ᠋ ᠠᠯᠢ ᠴᠣ᠋ ᠭᠠᠵᠠᠷ ᠶᠠᠪᠣᠭᠰᠠᠨ ᠴᠣ᠋ ᠨᠣᠲᠤᠭ ᠭᠠᠵᠠᠷ ᠲᠤ ᠮᠢᠨᠢ ᠬᠦᠷᠬᠦ ᠦᠬᠡᠢ ᠳ᠋ᠠ  ᠡᠷᠪᠡᠬᠡᠢ ᠬᠡᠳᠦᠢ ᠬᠤᠷᠳᠣᠨ ᠪᠣᠯᠪᠠᠰᠣ ᠠᠯᠢᠶ᠎ᠠ ᠰᠢᠪᠠᠭᠤᠨ ᠳᠠᠭᠠᠨ ᠬᠦᠷᠬᠦ ᠦᠬᠡᠢ ᠳ᠋ᠠ ᠡᠩ ᠤᠨ ᠡᠬᠡᠴᠢ ᠳᠡᠭᠦᠦ ᠣᠯᠠᠨ ᠪᠣᠯᠪᠠᠴᠣ ᠡᠵᠢ ᠠᠪᠤ ᠳᠤ ᠮᠢᠨᠢ ᠬᠦᠷᠬᠦ ᠦᠬᠡᠢ ᠳ᠋ᠠ  ᠲᠣᠯᠣᠭᠤᠨ᠎ᠠ ᠬᠡᠳᠡᠭ ᠴᠢᠨᠢ ᠮᠣᠳᠣ ᠶᠣᠮ ᠲᠣᠯᠣᠭᠠᠨ ᠣᠭᠤᠷ ᠲᠠᠭᠠᠨ ᠣᠷᠭᠤᠳᠠᠭ ᠶᠣᠮ ᠳ᠋ᠠ ᠬᠦ᠋ ᠲᠣᠲᠣᠷ᠎ᠠ ᠠᠴᠠ ᠨᠢ ᠭᠤᠴᠣᠯᠠᠭᠠᠳ ᠪᠠᠶᠢᠬᠤ ᠳᠤ ᠲᠣᠭᠲᠠᠵᠤ ᠴᠢᠳᠠᠬᠤ ᠦᠬᠡᠢ ᠶᠠᠪᠣᠯ᠎ᠠ ᠳ᠋ᠠ  ᠬᠤᠭᠤᠷ ᠬᠤᠭᠤᠴᠢᠨ ᠢᠶᠠᠨ ᠪᠠᠷᠢᠬᠤ ᠳᠤ ᠬᠤᠯᠣᠰᠣᠨ ᠴᠣᠬᠢᠭᠤᠷ ᠢᠶᠠᠷ ᠶᠠᠭᠤ ᠬᠢᠨ᠎ᠠ ᠳ᠋ᠠ ᠬᠠᠭᠤᠴᠢᠨ ᠬᠤᠩᠭᠤᠷ ᠮᠢᠨᠢ ᠪᠠᠶᠢᠬᠤ ᠳᠤ ᠬᠠᠭᠤᠷᠠᠮᠴᠢ ᠴᠢᠮ᠎ᠠ ᠳᠤ ᠶᠠᠭᠤ ᠬᠢᠨ᠎ᠠ ᠳ᠋ᠠ ᠃        ᠢᠷᠠᠯᠲᠠ᠄ ︽ᠣᠷᠠᠳ ᠠᠷᠠᠳ ᠤᠨ ᠦᠯᠢᠭᠡᠷᠲᠣ ᠳᠠᠭᠤᠣ ᠵᠢᠴᠢ ᠳᠠᠭᠤᠣ ᠶᠢᠨ ᠦᠬᠡᠰ ᠤᠨ ᠣᠳᠬ᠎ᠠ ᠰᠠᠨᠠᠭ᠎ᠠ︾ ᠨᠣᠮ ᠠᠴᠠ
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ