ᠰᠢ ᠶᠢᠨ ᠫᠢᠩ ᠴᠢᠯᠥᠭᠡᠯᠡᠬᠦ ᠴᠡᠷᠢᠭ ᠪᠣᠯᠤᠨ ᠵᠡᠪᠰᠡᠭᠲᠦ ᠴᠠᠭᠳᠠᠭ᠎ᠠ ᠶᠢᠨ ᠴᠡᠷᠢᠭ ᠠᠩᠬᠢ ᠶᠢᠨ ᠲᠥᠯᠥᠭᠡᠯᠡᠭᠴᠢᠳ ᠤᠨ ᠪᠦᠯᠬᠦᠮ ᠤᠨ ᠪᠦᠬᠦᠳᠡ ᠬᠤᠷᠠᠯ ᠳᠤ ᠣᠷᠣᠯᠴᠠᠬᠤ ᠳᠠᠭᠠᠨ ᠴᠢᠬᠤᠯᠠᠴᠢᠯᠠᠭᠰᠠᠨ ᠨᠢ — ᠴᠢᠨᠠᠷ ᠰᠠᠶᠢᠲᠠᠶ ᠬᠥᠭᠵᠢᠯᠲᠡ ᠶᠢᠨ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ ᠮᠠᠨ ᠤ ᠴᠡᠷᠢᠭ ᠤᠨ ᠪᠠᠶᠢᠭᠤᠯᠤᠯᠲᠠ ᠶᠢᠨ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢᠨ ᠰᠡᠬᠦᠯ ᠬᠤᠷᠢᠶᠠᠬᠤ ᠠᠵᠢᠯ ᠢ ᠲᠡᠬᠦᠰ ᠠᠮᠵᠢᠯᠳᠠ ᠲᠠᠢ ᠪᠡᠶᠡᠯᠡᠭᠦᠯᠬᠦ ᠬᠡᠷᠡᠭᠳᠡᠢ
ᠨᠡᠶᠢᠲᠡᠯᠡᠭᠰᠡᠨ ᠴᠠᠭ᠄
2025/3/11
     ᠲᠤᠮᠳᠠᠳᠤ ᠤᠯᠤᠰ ᠤᠨ ᠡᠪ ᠬᠠᠮᠳᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠶᠢᠨ ᠲᠡᠷᠢᠭᠦᠯᠡᠭᠴᠢ ᠰᠢ ᠶᠢᠨ ᠫᠢᠩ 7 ᠤ ᠦᠳᠡ ᠶᠢᠨ ᠬᠤᠶᠢᠨ᠎ᠠ ᠠᠷᠪᠠᠨ ᠳᠥᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯ ᠳᠤ ᠣᠷᠣᠯᠴᠠᠵᠤ ᠪᠠᠶᠢᠭ᠎ᠠ ᠴᠢᠯᠥᠭᠡᠯᠡᠬᠦ ᠴᠡᠷᠢᠭ ᠪᠣᠯᠤᠨ ᠵᠡᠪᠰᠡᠭᠲᠦ ᠴᠠᠭᠳᠠᠭ᠎ᠠ ᠶᠢᠨ ᠴᠡᠷᠢᠭ ᠠᠩᠬᠢ ᠶᠢᠨ ᠲᠥᠯᠥᠭᠡᠯᠡᠭᠴᠢᠳ ᠤᠨ ᠪᠦᠯᠬᠦᠮ ᠤᠨ ᠪᠦᠬᠦᠳᠠ ᠬᠤᠷᠠᠯ ᠳᠤ ᠣᠷᠣᠯᠴᠠᠬᠤ ᠳᠠᠭᠠᠨ᠂ ᠮᠠᠨ ᠤ ᠴᠡᠷᠢᠭ ᠤᠨ ᠪᠠᠶᠢᠭᠤᠯᠤᠯᠲᠠ ᠶᠢᠨ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢᠨ ᠰᠡᠭᠦᠯ ᠬᠤᠷᠢᠶᠠᠬᠤ ᠠᠵᠢᠯ ᠢ ᠲᠡᠭᠦᠰ ᠠᠮᠵᠢᠯᠲᠠ ᠲᠠᠢ ᠪᠡᠶᠡᠯᠡᠭᠦᠯᠬᠦ ᠨᠢ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠲᠣᠭᠲᠠᠭᠰᠠᠨ ᠬᠤᠭᠤᠴᠠᠭᠠᠨ ᠳᠤ ᠪᠡᠶᠡᠯᠡᠭᠦᠯᠬᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠬᠦᠴᠦᠷᠭᠡᠭ ᠤᠯᠤᠰ ᠤᠨ ᠪᠦᠳᠦᠭᠡᠨ ᠪᠠᠶᠢᠭᠤᠯᠤᠯᠲᠠ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠦᠢᠯᠡᠰ ᠢ ᠪᠦᠬᠦ ᠲᠠᠯ᠎ᠠ ᠪᠠᠷ ᠠᠬᠢᠭᠤᠯᠬᠤ ᠳᠤ ᠴᠥᠮ ᠴᠢᠬᠤᠯᠠ ᠠᠴᠢ ᠬᠤᠯᠪᠣᠭᠳᠠᠯ ᠲᠠᠢ ᠶᠤᠮ᠃ ᠢᠲᠡᠭᠡᠯ ᠵᠣᠷᠢᠭ ᠢᠶᠠᠨ ᠪᠠᠲᠤᠳᠬᠠᠵᠤ᠂ ᠥᠷᠢᠰᠥᠯᠳᠦᠭᠡᠨ ᠳᠤ ᠰᠢᠭᠤᠳ ᠬᠠᠨᠳᠤᠵᠤ᠂ ᠴᠢᠨᠠᠷ ᠰᠠᠶᠢᠲᠠᠶ ᠬᠥᠭᠵᠢᠯᠲᠡ ᠶᠢᠨ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ ᠨᠢᠬᠡᠨᠳᠡ ᠲᠣᠭᠲᠠᠭᠰᠠᠨ ᠬᠠᠷᠠᠯᠲᠠ ᠡᠭᠦᠷᠭᠡ ᠪᠠᠨ ᠲᠣᠭᠲᠠᠭᠰᠠᠨ ᠬᠤᠭᠤᠴᠠᠭᠠᠨ ᠳᠤ ᠪᠡᠶᠡᠯᠡᠭᠦᠯᠬᠦ ᠬᠡᠷᠡᠭᠲᠡᠶ ᠭᠡᠵᠦ ᠴᠢᠬᠤᠯᠠᠴᠢᠯᠠᠪᠠ᠃

6387702549618235878798203.png

     3 ᠰᠠᠷ᠎ᠠ ᠶᠢᠨ 7 ᠤ ᠦᠳᠡ ᠶᠢᠨ ᠬᠤᠶᠢᠨ᠎ᠠ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂

ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠶᠢᠨ ᠲᠡᠷᠢᠭᠦᠯᠡᠭᠴᠢ ᠰᠢ ᠶᠢᠨ ᠫᠢᠩ ᠠᠷᠪᠠᠨ ᠳᠥᠷᠪᠡᠳᠦᠭᠡᠷ ᠬᠤᠭᠤᠴᠠᠭᠠᠨ ᠤ

ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯ ᠳᠤ ᠣᠷᠣᠯᠴᠠᠵᠤ ᠪᠠᠶᠢᠭ᠎ᠠ ᠴᠢᠯᠥᠭᠡᠯᠡᠬᠦ ᠴᠡᠷᠢᠭ ᠪᠣᠯᠤᠨ

ᠵᠡᠪᠰᠡᠭᠲᠦ ᠴᠠᠭᠳᠠᠭ᠎ᠠ ᠶᠢᠨ ᠴᠡᠷᠢᠭ ᠠᠩᠬᠢ ᠶᠢᠨ ᠲᠥᠯᠥᠭᠡᠯᠡᠭᠴᠢᠳ ᠤᠨ ᠪᠦᠯᠬᠦᠮ ᠤᠨ ᠪᠦᠬᠦᠳᠠ ᠬᠤᠷᠠᠯ ᠳᠤ ᠣᠷᠣᠯᠴᠠᠬᠤ ᠶᠢᠨ ᠬᠠᠮᠳᠦ ᠴᠢᠬᠤᠯᠠ ᠶᠠᠷᠢᠶ᠎ᠠ

ᠳᠠᠯᠪᠢᠪᠠ᠃ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠯᠢ ᠭᠠᠩ ᠰᠠᠬᠦᠳᠡᠷᠯᠡᠪᠠ

     ᠬᠤᠷᠠᠯ ᠳᠡᠭᠡᠷ᠎ᠡ ᠵᠧᠦ ᠭᠠᠩ᠂ ᠯᠢ ᠳ᠋ᠦᠩ᠂ ᠹᠧᠩ ᠶᠠᠨ᠂ ᠵᠧᠩ ᠶᠤᠸᠠᠨ ᠯᠢᠨ᠂ ᠼᠦᠢ ᠳ᠋ᠤᠤ ᠬᠤ᠋᠂ ᠯᠢᠦ ᠱᠤ᠋ ᠸᠧᠢ ᠵᠡᠷᠭᠡ 6 ᠲᠥᠯᠥᠭᠡᠯᠡᠭᠴᠢ

ᠤᠷᠢᠳ ᠬᠤᠵᠢᠳ ᠦᠭᠡ ᠬᠡᠯᠡᠵᠦ᠂ ᠵᠡᠪᠰᠡᠭ ᠲᠣᠨᠣᠭᠯᠠᠯ ᠤᠨ ᠲᠤᠷᠰᠢᠯᠲᠠ ᠶᠢᠨ ᠬᠢᠨᠠᠨ ᠲᠣᠭᠲᠠᠭᠠᠬᠤ ᠡᠬᠢ ᠪᠠᠶᠠᠯᠢᠭ ᠢ ᠨᠢᠭᠡᠳᠦᠯᠲᠡᠢ ᠲᠥᠯᠥᠪᠵᠢᠭᠦᠯᠬᠦ᠂

ᠲᠥᠯᠥᠪᠵᠢᠭᠦᠯᠭᠡ ᠶᠢ ᠬᠡᠷᠡᠭᠵᠢᠭᠦᠯᠬᠦ ᠬᠠᠮᠢᠶᠠᠷᠤᠯᠲᠠ ᠶᠢᠨ ᠰᠢᠨ᠎ᠡ ᠶᠢ ᠡᠭᠦᠳᠬᠦ᠂ ᠵᠠᠷᠤᠳᠠᠯ ᠤᠨ ᠬᠡᠷᠡᠭᠯᠡᠯᠲᠡ ᠬᠠᠮᠢᠶᠠᠷᠤᠯᠲᠠ ᠶᠢᠨ ᠦᠷ᠎ᠡ ᠠᠰᠢᠭ ᠢ

ᠳᠡᠭᠡᠭᠰᠢᠯᠡᠭᠦᠯᠬᠦ᠂ ᠴᠡᠷᠢᠭ ᠤᠨ ᠠᠵᠤ ᠦᠢᠯᠡᠳᠪᠦᠷᠢ ᠶᠢᠨ ᠦᠢᠯᠡᠳᠪᠦᠷᠢᠯᠡᠯ ᠤᠨ ᠴᠢᠳᠠᠪᠤᠷᠢ ᠶᠢᠨ ᠪᠠᠲᠤᠯᠠᠭ᠎ᠠ ᠶᠢ ᠴᠢᠩᠭᠠᠳᠬᠠᠬᠤ᠂ ᠤᠯᠤᠰ ᠤᠨ ᠪᠠᠲᠤᠯᠠᠨ

ᠬᠠᠮᠠᠭᠠᠯᠠᠯᠲᠠ ᠶᠢᠨ ᠵᠢᠭᠰᠠᠭᠠᠯ ᠤᠨ ᠭᠠᠵᠠᠷ ᠤᠨ ᠢᠨᠵᠧᠨᠧᠷᠢᠩ ᠤᠨ ᠪᠦᠳᠦᠭᠡᠨ ᠪᠠᠶᠢᠭᠤᠯᠤᠯᠲᠠ ᠶᠢ ᠠᠬᠢᠭᠤᠯᠬᠤ᠂ ᠰᠢᠨ᠎ᠡ ᠪᠠᠷ ᠮᠠᠨᠳᠤᠭᠰᠠᠨ ᠬᠦᠷᠢᠶᠡᠨ ᠤ

ᠡᠬᠢ ᠪᠠᠶᠠᠯᠢᠭ ᠢ ᠰᠠᠶᠢᠲᠤᠷ ᠬᠡᠷᠡᠭᠯᠡᠬᠦ ᠵᠡᠷᠭᠡ ᠲᠠᠯ᠎ᠠ ᠪᠠᠷ ᠲᠤᠰ ᠲᠤᠰ ᠰᠠᠨᠠᠯ ᠰᠠᠨᠠᠭᠤᠯᠭ᠎ᠠ ᠳᠤᠷᠠᠳᠪᠠ᠃

     ᠲᠥᠯᠥᠭᠡᠯᠡᠭᠴᠢᠳ ᠤᠨ ᠶᠠᠷᠢᠬᠤ ᠶᠢ ᠨᠠᠷᠢᠨ ᠬᠢᠨᠠᠮᠠᠭᠠᠢ ᠰᠣᠨᠣᠰᠤᠭᠰᠠᠨ ᠤ ᠳᠠᠷᠠᠭ᠎ᠠ ᠰᠢ ᠶᠢᠨ ᠫᠢᠩ ᠴᠢᠬᠤᠯᠠ ᠶᠠᠷᠢᠶ᠎ᠠ ᠲᠠᠯᠪᠢᠪᠠ᠃ ᠲᠡᠷᠡ᠂ ᠮᠠᠨ ᠤ

ᠴᠡᠷᠢᠭ ᠤᠨ ᠪᠠᠶᠢᠭᠤᠯᠤᠯᠲᠠ ᠶᠢᠨ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢ ᠬᠡᠷᠡᠭᠵᠢᠭᠦᠯᠦᠭᠰᠡᠨ 4 ᠵᠢᠯ ᠭᠠᠷᠤᠢ ᠶᠢᠨ ᠲᠤᠷᠰᠢ

ᠠᠯᠢ ᠤᠯᠠᠨ ᠴᠢᠬᠤᠯᠠ ᠶᠡᠭᠡ ᠦᠷ᠎ᠡ ᠪᠦᠲᠦᠭᠡᠯ ᠣᠯᠤᠭᠰᠠᠨ ᠤ ᠬᠠᠮᠲᠤ ᠪᠠᠰᠠ ᠪᠠᠭ᠎ᠠ ᠪᠤᠰᠤ ᠵᠥᠷᠢᠴᠡᠯ ᠪᠠ ᠠᠰᠠᠭᠤᠳᠠᠯ ᠳᠤ ᠲᠤᠯᠭᠠᠷᠠᠵᠤ ᠪᠠᠶᠢᠨ᠎ᠠ᠃

ᠠᠬᠢᠴᠠ ᠪᠠ ᠶᠠᠰᠤ ᠴᠢᠨᠠᠷ᠂ ᠥᠪᠡᠷ ᠤᠨ ᠦᠷᠳᠡᠭ ᠪᠠ ᠦᠷ᠎ᠡ ᠠᠰᠢᠭ᠂ ᠪᠦᠬᠦ ᠲᠠᠯ᠎ᠠ ᠪᠠ ᠭᠤᠣᠯᠳᠠᠯᠭ᠎ᠠ᠂ ᠬᠥᠭᠵᠢᠯᠲᠡ ᠪᠠ ᠬᠢᠨᠠᠯᠲᠠ ᠬᠠᠮᠢᠶᠠᠷᠤᠯᠲᠠ᠂

ᠲᠥᠯᠥᠪᠵᠢᠭᠦᠯᠭᠡ ᠶᠢᠨ ᠬᠡᠷᠡᠭᠵᠢᠭᠦᠯᠦᠯᠲᠡ ᠪᠠ ᠴᠢᠳᠠᠪᠤᠷᠢ ᠶᠢᠨ ᠪᠦᠷᠢᠯᠳᠦᠯ ᠤᠨ ᠬᠠᠷᠢᠴᠠᠭ᠎ᠠ ᠶᠢ ᠰᠠᠶᠢᠲᠤᠷ ᠰᠢᠢᠳᠪᠦᠷᠢᠯᠡᠵᠦ᠂ ᠴᠢᠨᠠᠷ ᠰᠠᠶᠢᠲᠠᠢ᠂ ᠦᠷ᠎ᠡ

ᠠᠰᠢᠭ ᠰᠠᠶᠢᠲᠠᠢ᠂ ᠥᠪᠡᠷ ᠤᠨ ᠦᠷᠳᠡᠭ ᠳᠣᠣᠷ᠎ᠠ᠂ ᠦᠷᠭᠦᠯᠵᠢᠯᠡᠬᠦ ᠬᠥᠭᠵᠢᠯᠲᠡ ᠶᠢᠨ ᠵᠠᠮ ᠢᠶᠠᠷ ᠵᠠᠮᠨᠠᠵᠤ᠂ ᠪᠦᠳᠦᠭᠡᠨ ᠪᠠᠶᠢᠭᠤᠯᠤᠯᠲᠠ ᠶᠢᠨ ᠦᠷ᠎ᠡ

ᠪᠦᠲᠦᠭᠡᠯ ᠲᠡᠦᠬᠡ ᠶᠢᠨ ᠪᠠ ᠪᠣᠳᠠᠲᠤ ᠲᠠᠶᠢᠨ ᠤ ᠰᠢᠯᠭᠠᠯᠲᠠ ᠶᠢ ᠳᠠᠭᠠᠭᠠᠵᠤ ᠳᠡᠶᠢᠯᠬᠦ ᠶᠢ ᠦᠨᠡᠨ ᠬᠦ ᠪᠠᠲᠤᠯᠠᠬᠤ ᠬᠡᠷᠡᠭᠲᠡᠢ ᠭᠡᠵᠦ ᠵᠢᠭᠠᠵᠤ ᠭᠠᠷᠭᠠᠪᠠ᠃

     ᠰᠢ ᠶᠢᠨ ᠫᠢᠩ᠂ ᠲᠥᠯᠦᠪᠵᠢᠭᠦᠯᠭᠡ ᠶᠢ ᠬᠡᠷᠡᠭᠵᠢᠭᠦᠯᠬᠦ ᠶᠠᠪᠤᠴᠠ ᠳᠠᠬᠢ ᠲᠦᠭᠵᠢᠷᠡᠯ ᠴᠡᠭ ᠬᠠᠷᠰᠢ ᠰᠠᠭᠠᠳ ᠪᠤᠯᠵᠤ ᠪᠠᠶᠢᠭ᠎ᠠ ᠠᠰᠠᠭᠤᠳᠠᠯ ᠢ

ᠱᠠᠯᠠᠪᠳᠠᠨ ᠰᠶᠢᠳᠪᠦᠷᠢᠯᠡᠵᠦ᠂ ᠰᠠᠯᠠᠭ᠎ᠠ ᠮᠥᠴᠢᠷ ᠠᠯᠤᠰᠯᠠᠨ ᠬᠦᠷᠢᠶ᠎ᠡ ᠴᠠᠷᠠᠭ᠎ᠠ ᠠᠯᠤᠰᠯᠠᠨ ᠴᠡᠷᠢᠭ ᠠᠩᠭᠢ ᠣᠷᠣᠨ ᠨᠤᠲᠤᠭ ᠠᠯᠤᠰᠯᠠᠨ ᠨᠢᠭᠡᠳᠦᠯᠲᠡᠢ

ᠲᠥᠯᠦᠪᠵᠢᠭᠦᠯᠬᠦ ᠶᠢ ᠴᠢᠩᠭᠠᠳᠬᠠᠵᠤ᠂ ᠲᠥᠷᠥ ᠶᠢᠨ ᠪᠣᠳᠣᠯᠭ᠎ᠠ ᠶᠢᠨ ᠬᠡᠷᠡᠭᠯᠡᠯᠲᠡ ᠪᠠ ᠬᠠᠩᠭᠠᠯᠭ᠎ᠠ ᠶᠢ ᠴᠢᠩᠭᠠᠳᠬᠠᠵᠤ᠂ ᠲᠥᠷᠥ ᠶᠢᠨ ᠪᠣᠳᠣᠯᠭ᠎ᠠ ᠶᠢᠨ

ᠬᠠᠨᠳᠤᠰᠢ ᠪᠠ ᠠᠵᠢᠯ ᠤᠨ ᠴᠢᠭᠯᠡᠯ ᠤᠨ ᠨᠢᠭᠡᠳᠦᠯᠲᠦ ᠴᠢᠨᠠᠷ ᠢ ᠴᠢᠩᠭᠠᠳᠬᠠᠵᠤ᠂ ᠲᠥᠯᠦᠪᠵᠢᠭᠦᠯᠭᠡ ᠶᠢ ᠬᠡᠷᠡᠭᠵᠢᠭᠦᠯᠬᠦ ᠬᠡᠯᠬᠢᠶ᠎ᠡ ᠵᠠᠮ ᠱᠤᠭᠤᠮ ᠢ ᠪᠥᠬᠦ

ᠬᠦᠴᠦᠨ ᠢᠶᠠᠷ ᠰᠠᠭᠠᠳ ᠦᠭᠡᠢ ᠨᠡᠪᠲᠡᠷᠡᠭᠦᠯᠬᠦ ᠬᠡᠷᠡᠭᠲᠡᠢ᠃ ᠤᠳᠤ ᠦᠶ᠎ᠡ ᠶᠢᠨ ᠬᠠᠮᠢᠶᠠᠷᠤᠯᠲᠠ ᠶᠢᠨ ᠣᠶᠢᠯᠠᠭᠠᠭᠳᠠᠬᠤᠨ ᠪᠠ ᠠᠷᠭ᠎ᠠ ᠪᠠᠷᠢᠯ ᠢ ᠴᠢᠳᠠᠮᠠᠭᠠᠢ

ᠬᠡᠷᠡᠭᠯᠡᠵᠦ᠂ ᠪᠠᠶᠢᠯᠳᠤᠬᠤ ᠪᠣᠳᠣᠯᠭ᠎ᠠ ᠶᠢᠨ ᠬᠠᠮᠢᠶᠠᠷᠤᠯᠲᠠ ᠶᠢᠨ ᠳᠦᠷᠢᠮ ᠤᠨ ᠲᠣᠭᠲᠡᠴᠡ ᠶᠢ ᠦᠷᠭᠦᠯᠵᠢᠯᠡᠨ ᠲᠡᠭᠦᠯᠳᠡᠷᠵᠢᠭᠦᠯᠵᠦ᠂ ᠲᠥᠯᠦᠪᠵᠢᠭᠦᠯᠭᠡ ᠶᠢ

ᠬᠡᠷᠡᠭᠵᠢᠭᠦᠯᠬᠦ ᠶᠢᠨ ᠰᠢᠰᠲ᠋ᠧᠮᠲᠦ ᠴᠢᠨᠠᠷ᠂ ᠪᠦᠬᠦᠯᠢ ᠴᠣᠭᠴᠠᠲᠤ ᠴᠢᠨᠠᠷ᠂ ᠬᠠᠮᠵᠢᠯᠴᠠᠬᠤ ᠴᠢᠨᠠᠷ ᠢ ᠴᠢᠩᠭᠠᠳᠬᠠᠬᠤ ᠬᠡᠷᠡᠭᠲᠡᠢ᠃ ᠠᠵᠢᠯᠴᠢ ᠠᠷᠪᠢᠴᠢ ᠪᠠᠷ

ᠴᠡᠷᠢᠭ ᠢ ᠪᠠᠶᠢᠭᠤᠯᠬᠤ ᠶᠢ ᠪᠠᠷᠢᠮᠲᠠᠯᠠᠵᠤ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠡᠬᠢ ᠪᠠᠶᠠᠯᠢᠭ ᠤᠨ ᠣᠷᠣᠭᠤᠯᠤᠯᠲᠠ ᠶᠢᠨ ᠬᠠᠨᠳᠤᠰᠢ ᠪᠠ

ᠬᠡᠮᠵᠢᠶ᠎ᠡ ᠶᠢ ᠰᠢᠨᠵᠢᠯᠡᠬᠦ ᠤᠬᠠᠭᠠᠨᠴᠢ ᠪᠠᠷ ᠲᠣᠬᠢᠷᠠᠭᠤᠯᠵᠤ᠂ ᠵᠠᠷᠤᠳᠠᠯ ᠤᠨ ᠬᠡᠷᠡᠭᠯᠡᠯᠲᠡ ᠶᠢᠨ ᠣᠨᠣᠪᠴᠢ ᠶᠢᠨ ᠬᠡᠮᠵᠢᠶ᠎ᠡ ᠪᠠ ᠦᠷ᠎ᠡ ᠠᠰᠢᠭ ᠵᠠᠷᠤᠳᠠᠯ ᠤᠨ

ᠬᠠᠷᠢᠴᠠᠯ ᠢ ᠳᠡᠭᠡᠭᠰᠢᠯᠡᠭᠦᠯᠬᠦ ᠬᠡᠷᠡᠭᠲᠡᠢ ᠭᠡᠵᠤ ᠵᠢᠭᠠᠵᠤ ᠭᠠᠷᠭᠠᠪᠠ᠃

    ᠰᠢ ᠶᠢᠨ ᠫᠢᠩ᠂ ᠮᠠᠨ ᠤ ᠴᠡᠷᠢᠭ ᠤᠨ ᠪᠠᠶᠢᠭᠤᠯᠤᠯᠳᠠ ᠶᠢᠨ ︽ᠠᠷᠪᠠᠨ ᠳᠥᠷᠪᠡᠳᠦᠭᠡᠷ ᠲᠠᠪᠤᠨ ᠵᠢᠯ︾ ᠦᠨ ᠲᠥᠯᠦᠪᠵᠢᠭᠦᠯᠭᠡ ᠶᠢᠨ ᠬᠠᠷᠠᠯᠲᠠ

ᠡᠭᠦᠷᠭᠡ ᠶᠢ ᠪᠡᠶᠡᠯᠡᠭᠦᠯᠬᠦ ᠳᠤ ᠤᠯᠤᠰ ᠤᠨ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠶᠡᠭᠡ ᠰᠢᠰᠲ᠋ᠧᠮ ᠤᠨ ᠲᠤᠯᠭᠠᠭᠤᠷᠢᠯᠠᠯ ᠠᠴᠠ ᠰᠠᠯᠵᠤ ᠴᠢᠳᠠᠬᠤ

ᠦᠭᠡᠢ ᠶᠤᠮ᠃ ᠴᠡᠷᠢᠭ ᠠᠩᠭᠢ ᠪᠠ ᠣᠷᠣᠨ ᠨᠤᠲᠤᠭ ᠤᠨ ᠬᠠᠮᠲᠤᠷᠠᠯ ᠬᠦᠴᠦᠨ ᠢ ᠴᠢᠩᠭᠠᠳᠬᠠᠵᠤ᠂ ᠣᠷᠣᠨ ᠨᠤᠲᠤᠭ ᠤᠨ ᠳᠠᠪᠠᠭᠤᠯᠢᠭ ᠬᠦᠴᠦᠨ ᠪᠠ

ᠡᠬᠢ ᠪᠠᠶᠠᠯᠢᠭ ᠢ ᠰᠠᠶᠢᠲᠤᠷ ᠠᠰᠢᠭᠯᠠᠵᠤ᠂ ᠮᠠᠨ ᠤ ᠴᠡᠷᠢᠭ ᠤᠨ ᠪᠠᠶᠢᠭᠤᠯᠤᠯᠲᠠ ᠶᠢᠨ ᠶᠠᠰᠤ ᠴᠢᠨᠠᠷ ᠪᠠ ᠦᠷ᠎ᠡ ᠠᠰᠢᠭ ᠢ ᠳᠡᠭᠡᠭᠰᠢᠯᠡᠭᠦᠯᠬᠦ ᠬᠡᠷᠡᠭᠲᠡᠢ᠃

ᠮᠠᠨ ᠤ ᠤᠯᠤᠰ ᠤᠨ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠤ ᠥᠷᠨᠢᠩᠭᠦᠢ ᠬᠥᠭᠵᠢᠯᠲᠡ ᠶᠢᠨ ᠠᠵᠠ ᠲᠣᠬᠢᠶᠠᠯ ᠢ ᠠᠮᠵᠢᠵᠤ᠂ ᠲᠠᠶᠢᠴᠢᠨ

ᠬᠦᠴᠦᠨ ᠤ ᠪᠠᠶᠢᠭᠤᠯᠤᠯᠲᠠ ᠪᠠ ᠬᠡᠷᠡᠭᠯᠡᠭᠡᠨ ᠤ ᠵᠠᠭᠪᠤᠷ ᠤᠨ ᠰᠢᠨ᠎ᠡ ᠶᠢ ᠡᠭᠦᠳᠴᠦ᠂ ᠲᠡᠷᠢᠭᠦᠨ ᠤ ᠮᠡᠷᠭᠡᠵᠢᠯ ᠢ ᠪᠤᠰᠢᠭᠤ ᠱᠠᠯᠠᠮᠠᠭᠠᠢ ᠪᠠᠷ ᠴᠤᠤᠷᠢᠶᠠᠲᠤᠨ

ᠲᠠᠭᠠᠬᠤ ᠪᠠ ᠲᠦᠷᠭᠡᠨ ᠤᠨᠳᠤᠤᠰᠢᠭᠤᠯᠬᠤ ᠲᠣᠭᠲᠡᠴᠡ ᠶᠢ ᠪᠦᠷᠢᠨᠰᠢᠬᠦᠯᠵᠤ᠂ ᠰᠢᠨ᠎ᠡ ᠴᠢᠨᠠᠷ ᠤᠨ ᠲᠠᠶᠢᠴᠢᠨ ᠬᠦᠴᠦᠨ ᠢ ᠲᠦᠷᠭᠡᠳᠬᠡᠨ ᠬᠥᠭᠵᠢᠭᠦᠯᠬᠦ

ᠬᠡᠷᠡᠭᠲᠡᠢ ᠭᠡᠵᠤ ᠵᠢᠭᠠᠵᠤ ᠭᠠᠷᠭᠠᠪᠠ᠃

     ᠰᠢ ᠶᠢᠨ ᠫᠢᠩ᠂ ᠲᠥᠯᠦᠪᠵᠢᠭᠦᠯᠭᠡ ᠶᠢ ᠬᠡᠷᠡᠭᠵᠢᠭᠦᠯᠬᠦ ᠪᠥᠬᠦ ᠶᠠᠪᠤᠴᠠ ᠳᠤ ᠲᠤᠰᠬᠠᠶᠢᠵᠢᠭᠰᠠᠨ ᠦᠨᠡᠯᠡᠯᠲᠡ ᠬᠢᠬᠦ ᠶᠢ ᠦᠷᠨᠢᠬᠦᠯᠵᠤ᠂

ᠬᠥᠭᠵᠢᠯᠲᠡ ᠶᠢᠨ ᠶᠠᠰᠤ ᠴᠢᠨᠠᠷ ᠢ ᠦᠨᠡᠯᠡᠵᠤ ᠭᠠᠷᠭᠠᠬᠤ᠂ ᠪᠦᠲᠦᠭᠡᠨ ᠪᠠᠶᠢᠭᠤᠯᠤᠯᠲᠠ ᠶᠢᠨ ᠦᠷ᠎ᠡ ᠠᠰᠢᠭ ᠢ ᠦᠨᠡᠯᠡᠵᠤ ᠭᠠᠷᠭᠠᠬᠤ᠂ ᠰᠢᠰᠲ᠋ᠧᠮᠵᠢᠭᠰᠡᠨ

ᠪᠠᠶᠢᠯᠳᠤᠬᠤ ᠴᠢᠳᠠᠪᠤᠷᠢ ᠶᠢ ᠦᠨᠡᠯᠠᠵᠤ ᠭᠠᠷᠭᠠᠬᠤ ᠬᠡᠷᠡᠭᠲᠡᠢ᠃

ᠬᠢᠨᠠᠯᠲᠠ ᠬᠠᠮᠢᠶᠠᠷᠤᠯᠲᠠ ᠶᠢ ᠨᠡᠩ ᠲᠣᠪᠤᠶᠢᠮ᠎ᠠ ᠪᠠᠶᠢᠷᠢᠨ ᠳᠤ ᠲᠠᠯᠪᠢᠵᠤ᠂ ᠪᠦᠷᠢᠨ ᠲᠡᠭᠦᠯᠳᠡᠷ ᠪᠦᠲᠦᠮᠵᠢᠲᠡᠢ ᠬᠢᠨᠠᠯᠲᠠ ᠬᠠᠮᠢᠶᠠᠷᠤᠯᠲᠠ ᠶᠢᠨ ᠰᠢᠰᠲ᠋ᠤᠮ ᠢ

ᠪᠠᠶᠢᠭᠤᠯᠵᠤ᠂ ᠠᠭᠤᠰᠤᠯᠴᠠᠭᠤᠯᠤᠨ ᠬᠢᠨᠠᠯᠲᠠ ᠲᠠᠯᠪᠢᠬᠤ᠂ ᠬᠤᠯᠪᠤᠭᠠᠯᠠᠨ ᠬᠢᠨᠠᠨ ᠪᠤᠳᠤᠬᠤ ᠶᠢ ᠴᠢᠩᠭᠠᠳᠬᠠᠵᠤ᠂ ᠢᠯᠵᠢᠷᠡᠯ ᠤᠨ ᠠᠰᠠᠭᠤᠳᠠᠯ ᠢ ᠭᠦᠨᠵᠡᠭᠡᠢ

ᠪᠠᠶᠢᠴᠠᠭᠠᠨ ᠰᠶᠢᠳᠪᠦᠷᠢᠯᠡᠬᠦ ᠬᠡᠷᠡᠭᠲᠡᠢ᠃ ᠬᠢᠨᠠᠯᠳᠠ ᠬᠠᠮᠢᠶᠠᠷᠤᠯᠳᠠ ᠶᠢᠨ ᠲᠥᠯᠦᠪᠵᠢᠭᠦᠯᠭᠡ ᠶᠢ ᠬᠡᠷᠡᠭᠵᠢᠭᠦᠯᠬᠦ ᠳᠤ ᠦᠵᠡᠬᠦᠯᠬᠦ ᠦᠢᠯᠡᠴᠢᠯᠡᠬᠦ ᠪᠠ

ᠠᠬᠢᠭᠤᠯᠬᠤ ᠦᠢᠯᠡᠳᠦᠯ ᠢ ᠨᠡᠩ ᠰᠠᠶᠢᠲᠤᠷ ᠪᠠᠳᠠᠷᠠᠭᠤᠯᠵᠤ᠂ ᠲᠥᠯᠦᠪᠵᠢᠭᠦᠯᠭᠡ ᠶᠢᠨ ᠰᠡᠭᠦᠯ ᠬᠤᠷᠢᠶᠠᠬᠤ ᠠᠵᠢᠯ ᠤᠨ ᠶᠠᠰᠤ ᠴᠢᠨᠠᠷ ᠢᠶᠠᠷ ᠦᠨᠳᠦᠰᠦᠨ

ᠵᠦᠢᠯ ᠢ ᠪᠠᠲᠤᠯᠠᠬᠤ᠂ ᠴᠢᠳᠠᠪᠤᠷᠢ ᠪᠠᠷ ᠦᠨᠳᠦᠰᠦᠨ ᠵᠦᠢᠯ ᠢ ᠪᠠᠲᠤᠯᠠᠬᠤ᠂ ᠠᠷᠢᠭᠤᠨ ᠴᠢᠬᠡᠴᠢ ᠪᠠᠷ ᠦᠨᠳᠦᠰᠦᠨ ᠵᠦᠢᠯ ᠢ ᠪᠠᠲᠤᠯᠠᠬᠤ ᠶᠢ ᠦᠨᠡᠨ ᠬᠦ

ᠪᠠᠲᠤᠯᠠᠬᠤ ᠬᠡᠷᠡᠭᠲᠡᠢ ᠭᠡᠵᠦ ᠴᠢᠬᠤᠯᠠᠴᠢᠯᠠᠪᠠ᠃

    ᠳᠤᠮᠳᠠᠳᠤ ᠤᠯᠤᠰ ᠤᠨ ᠡᠪ ᠬᠠᠮᠲᠦ ᠨᠠᠮ ᠤᠨ ᠲᠥᠪ ᠬᠤᠷᠢᠶ᠎ᠡ ᠶᠢᠨ ᠤᠯᠤᠰ ᠲᠦᠷᠦ ᠶᠢᠨ ᠲᠣᠪᠴᠢᠶ᠎ᠡ ᠶᠢᠨ ᠭᠡᠰᠢᠭᠦᠨ᠂ ᠲᠥᠪ ᠤᠨ ᠴᠡᠷᠢᠭ ᠤᠨ

ᠶᠠᠪᠤᠳᠠᠯ ᠤᠨ ᠬᠤᠷᠢᠶ᠎ᠡ ᠶᠢᠨ ᠳᠡᠳ᠋ ᠲᠡᠷᠢᠭᠦᠯᠡᠭᠴᠢ ᠵᠠᠩ ᠵᠢᠦ ᠰᠢᠶᠠ ᠬᠤᠷᠠᠯ ᠢ ᠡᠷᠬᠢᠯᠡᠵᠦ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠲᠥᠪ

ᠬᠤᠷᠢᠶ᠎ᠡ ᠶᠢᠨ ᠤᠯᠤᠰ ᠲᠦᠷᠦ ᠶᠢᠨ ᠲᠣᠪᠴᠢᠶ᠎ᠡ ᠶᠢᠨ ᠭᠡᠰᠢᠭᠦᠨ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠡ ᠶᠢᠨ ᠳᠡᠳ᠋ ᠲᠡᠷᠢᠭᠦᠯᠡᠭᠴᠢ ᠾᠧ ᠸᠧᠢ

ᠳ᠋ᠦᠩ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠡ ᠶᠢᠨ ᠭᠡᠰᠢᠭᠦᠨ ᠯᠢᠦ ᠵᠧᠨ ᠯᠢ᠂ ᠵᠠᠩ ᠱᠧᠩ ᠮᠢᠨ ᠬᠤᠷᠠᠯ ᠳᠤ ᠤᠷᠤᠯᠴᠠᠵᠠᠢ᠃

︵ᠰᠢᠨᠬᠤᠸᠠ ᠬᠤᠷᠢᠶ᠎ᠠ ᠶᠢᠨ ᠪᠡᠭᠡᠵᠢᠩ ᠤᠨ 3 ᠰᠠᠷ᠎ᠠ ᠶᠢᠨ 7 ᠤ ᠴᠠᠬᠢᠯᠭᠠᠨ ᠮᠡᠳᠡᠭᠡ︶

ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ