︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠲᠠ ︵2022︶︾ ᠳᠤ ᠲᠠᠨᠢᠯᠴᠠᠭᠤᠯᠤᠭᠰᠠᠨ ᠢᠶᠠᠷ᠂ ᠮᠠᠨ ᠤ | ᠤᠯᠤᠰ ᠤᠨ ᠨᠠᠰᠤᠨ ᠳᠤ ᠭᠦᠷᠦᠭᠰᠡᠳ ᠤᠨ ᠤᠤᠭᠤᠬᠤ ᠤᠰᠤᠨ ᠤ ᠬᠡᠮᠵᠢᠶ᠎ᠡ ᠨᠢ 1488 ᠮᠢᠯᠢᠯᠢᠲᠷ ᠪᠠᠶᠢᠵᠤ᠂ ᠡᠭᠦᠨ ᠳᠤ ᠡᠷᠡᠭᠲᠡᠶ ᠬᠥᠮᠦᠨ 1679 | ᠮᠢᠯᠢᠯᠢᠲᠷ᠂ ᠡᠮᠡᠭᠲᠡᠶ ᠬᠥᠮᠦᠨ 1370 ᠮᠢᠯᠢᠯᠢᠲᠷ᠃ ᠳᠤᠯᠠᠭᠠᠨ ᠠᠭᠤᠷ ᠠᠮᠢᠰᠬᠤᠯ ᠤᠨ ᠨᠥᠬᠦᠴᠡᠯ ᠳᠣᠣᠷ᠎ᠠ᠂ ᠬᠥᠩᠭᠡᠨ ᠪᠡᠶ᠎ᠡ ᠶᠢᠨ ᠲᠠᠮᠢᠷ ᠤᠨ | ᠬᠥᠳᠡᠯᠭᠡᠭᠡᠨ ᠤ ᠬᠢᠷᠢ ᠲᠦᠪᠰᠢᠨ ᠲᠠᠢ ᠨᠠᠰᠤᠨ ᠳᠤ ᠬᠦᠷᠦᠭᠰᠡᠨ ᠡᠷᠡᠭᠲᠡᠶ ᠡᠳᠦᠷ ᠪᠦᠷᠢ 1.7 ᠯᠢᠲᠷ ᠤᠰᠤ ᠤᠤᠭᠤᠵᠤ᠂ ᠨᠠᠰᠤᠨ ᠳᠤ ᠬᠦᠷᠦᠭᠰᠡᠨ | ᠡᠮᠡᠭᠲᠡᠶ ᠡᠳᠦᠷ ᠪᠦᠷᠢ 1.5 ᠯᠢᠲᠷ ᠤᠰᠤ ᠤᠤᠭᠤᠨ᠎ᠠ᠃ ᠬᠡᠷᠪᠡ ᠨᠢᠭᠡ ᠴᠣᠮᠣ ᠤᠰᠤ ᠶᠢ 200-250 ᠮᠢᠯᠢᠯᠢᠲᠷ ᠢᠶᠠᠷ ᠪᠣᠳᠣᠪᠠᠯ᠂ ᠶᠡᠭᠡ ᠲᠥᠯᠥᠪ | ᠡᠳᠦᠷ ᠪᠦᠷᠢ 8 ᠴᠣᠮᠣ ᠤᠰᠤ ᠪᠣᠯᠤᠨ᠎ᠠ᠃ | ᠰᠢᠨᠵᠢᠯᠡᠬᠦ ᠤᠬᠠᠭᠠᠨᠴᠢ ᠪᠠᠷ ᠤᠰᠤ ᠨᠥᠬᠦᠪᠥᠷᠢᠯᠡᠬᠦ ᠳᠤ ᠨᠢᠭᠡᠨ ᠳᠥᠭᠦᠮᠬᠡᠨ ᠲᠣᠮᠢᠶ᠎ᠠ ᠪᠠᠷ ᠯᠠᠪᠯᠠᠯᠲᠠ ᠪᠣᠯᠭᠠᠵᠤ ᠪᠣᠯᠤᠨ᠎ᠠ᠄ ᠬᠥᠮᠦᠨ ᠤ ᠡᠳᠦᠷ | ᠪᠦᠷᠢ ᠶᠢᠨ ᠬᠡᠷᠡᠭᠰᠡᠬᠦ ᠤᠰᠤᠨ ᠤ ᠬᠡᠮᠵᠢᠶ᠎ᠡ = ᠪᠣᠳᠠᠰ ᠤᠨ ᠰᠣᠯᠢᠯᠴᠠᠭ᠎ᠠ ᠳᠤ ᠵᠠᠷᠤᠴᠠᠭᠤᠯᠤᠭᠰᠠᠨ ᠤᠰᠤ + ᠢᠯᠭᠠᠷᠠᠭᠤᠯᠤᠭᠰᠠᠨ ᠤᠰᠤ ︵ᠠᠮᠢᠰᠬᠤᠯ᠂ | ᠬᠥᠯᠥᠰᠥ ᠭᠠᠷᠬᠤ᠂ ᠰᠢᠭᠡᠰᠦ ᠪᠠᠭᠠᠰᠤ︶ ᠠᠴᠠ ᠭᠠᠷᠤᠭᠰᠠᠨ ᠤᠰᠤ᠃ | ᠲᠡᠭᠡᠪᠡᠯ᠂ ᠪᠢᠳᠡ ᠡᠳᠦᠷ ᠪᠦᠷᠢ ᠬᠡᠳᠦᠶ ᠬᠤᠭᠤᠴᠠᠭ᠎ᠠ ᠠᠯᠤᠰᠯᠠᠭᠠᠳ ᠨᠢᠭᠡ ᠤᠳᠠᠭ᠎ᠠ ᠤᠰᠤ ᠤᠤᠭᠤᠪᠠᠯ ᠨᠡᠯᠢᠶᠡᠳ ᠰᠢᠨᠵᠢᠯᠡᠬᠦ ᠤᠬᠠᠭᠠᠨᠴᠢ | ᠪᠠᠶᠢᠳᠠᠭ ᠪᠣᠶ︖ ᠨᠢᠭᠡ ᠤᠳᠠᠭ᠎ᠠ ᠳᠤ ᠬᠡᠳᠦᠶ ᠤᠤᠭᠤᠪᠠᠯ ᠵᠣᠬᠢᠬᠤ ᠪᠤᠶ︖ | ᠲᠤᠰᠬᠠᠶ ᠮᠡᠷᠭᠡᠵᠢᠯᠲᠡᠨ ᠤ ᠲᠠᠨᠢᠯᠴᠠᠭᠤᠯᠤᠭᠰᠠᠨ ᠢᠶᠠᠷ᠂ ᠣᠯᠠᠩᠬᠢ ᠬᠥᠮᠦᠰ ᠪᠦᠷ ᠤᠮᠳᠠᠭᠠᠰᠤᠭᠰᠠᠨ ᠤ ᠳᠠᠷᠠᠭ᠎ᠠ ᠰᠠᠶ᠋ᠢ ᠤᠰᠤ ᠤᠤᠭᠤᠳᠠᠭ᠂ | ᠦᠨᠡᠨ ᠳᠡᠭᠡᠨ ᠲᠡᠷᠡ ᠦᠶ᠎ᠡ ᠳᠤ ᠪᠡᠶ᠎ᠡ ᠮᠠᠬᠠᠪᠣᠳ ᠨᠢᠭᠡᠨᠲᠡ ᠤᠮᠳᠠᠭᠠᠰᠬᠤ ᠪᠠ ᠤᠰᠤ ᠳᠤᠲᠠᠭᠳᠠᠬᠤ ᠪᠠᠶᠢᠳᠠᠯ ᠳᠤ ᠲᠣᠬᠢᠷᠠᠭᠤᠯᠤᠯᠲᠠ ᠬᠢᠵᠦ᠂ | ᠰᠢᠭᠡᠰᠦᠨ ᠤ ᠨᠡᠪᠴᠢᠯᠲᠡ ᠶᠢᠨ ᠳᠠᠷᠤᠯᠲᠠ ᠨᠢᠭᠡᠨᠲᠡ ᠳᠡᠭᠡᠭᠰᠢᠯᠡᠵᠦ ᠡᠬᠢᠯᠡᠭᠰᠡᠨ ᠪᠠᠶᠢᠨ᠎ᠠ᠃ ᠡᠶᠢᠮᠦ ᠠᠴᠠ ᠰᠠᠨᠠᠭᠠᠴᠢᠯᠠᠭ᠎ᠠ ᠲᠠᠢ ᠵᠢᠮ᠎ᠡ ᠶᠣᠰᠣ ᠲᠠᠢ ᠤᠰᠤ | ᠤᠤᠭᠤᠬᠤ ᠠᠷᠭ᠎ᠠ ᠶᠢ ᠪᠠᠷᠢᠮᠲᠠᠯᠠᠬᠤ ᠬᠡᠷᠡᠭᠲᠡᠶ᠂ ᠵᠢᠱᠢᠶᠡᠯᠡᠪᠡᠯ ᠬᠤᠶᠠᠷ ᠴᠠᠭ ᠠᠯᠤᠰᠯᠠᠬᠤ ᠪᠦᠷᠢ ᠨᠢᠭᠡ ᠴᠣᠮᠣ 200 ᠭᠠᠷᠤᠶ ᠮᠢᠯᠢᠯᠢᠲᠷ ᠤᠰᠤ | ᠤᠤᠭᠤᠪᠠᠯ ᠵᠣᠬᠢᠨ᠎ᠠ᠃ |