| ᠪᠣᠭᠤᠷᠣᠯ ᠮᠣᠷᠢ ᠮᠢᠨᠢ ᠪᠠᠶᠢᠨ᠎ᠠ | ᠪᠣᠯᠠᠭᠠᠨ ᠲᠣᠬᠤᠮ ᠲᠠᠢ ᠮᠠ | ᠪᠣᠭᠤᠷᠣᠯ ᠤᠳ ᠤᠨ ᠪᠣᠶᠠᠨ ᠬᠡᠰᠢᠭ ᠢ | ᠪᠣᠴᠠᠭᠠᠯ ᠦᠭᠡᠢ ᠬᠦᠷᠲᠡᠶ᠎ᠡ | | | ᠰᠠᠷᠠᠯ ᠮᠣᠷᠢ ᠪᠠᠶᠢᠨ᠎ᠠ | ᠰᠠᠶᠢᠬᠠᠨ ᠶᠣ᠋ ᠬᠦᠯᠢᠮ ᠲᠠᠢ ᠮᠠ | ᠰᠠᠶᠢᠬᠠᠨ ᠴᠣ᠋ ᠠᠪᠤ ᠶᠢᠨ ᠪᠣᠶᠠᠨ ᠬᠡᠰᠢᠭ ᠢ | ᠰᠠᠷᠨᠢᠯ ᠦᠬᠡᠢ ᠬᠦᠷᠲᠡᠶ᠎ᠡ | | ᠠᠯᠠᠭ ᠮᠣᠷᠢ ᠮᠢᠨᠢ ᠪᠠᠶᠢᠨ᠎ᠠ | ᠠᠯᠬᠤᠭ᠎ᠠ ᠰᠠᠶᠢᠲᠠᠢ ᠮᠠ | ᠠᠨᠳᠠ ᠨᠦᠬᠦᠳ ᠤᠨ ᠬᠡᠰᠢᠭ ᠪᠠᠶᠢᠪᠠᠯ | ᠠᠰᠬᠠᠯ ᠦᠬᠡᠢ ᠬᠦᠷᠲᠡᠶ᠎ᠡ | | ᠶᠠᠭᠤᠨ ᠳᠠᠭᠠᠨ ᠴᠣ᠋ ᠳᠠᠭᠤᠯᠠᠭᠰᠠᠨ ᠶᠣᠮ ᠬᠦ᠋ | ᠶᠠᠭᠤ ᠬᠡᠵᠦ ᠴᠢ ᠳᠠᠭᠤᠯᠠᠭᠰᠠᠨ ᠶᠣᠮ ᠬᠦ᠋ | ᠶᠠᠷᠣ ᠶᠢᠨ ᠣᠴᠢᠷ ᠪᠢᠰᠢ ᠪᠣᠯᠬᠤᠯᠠᠷ | ᠣᠨᠴᠠᠯᠠᠵᠤ ᠳᠠᠭᠤᠯᠠᠭᠰᠠᠨ ᠶᠣᠮ | | ᠬᠡᠨ ᠴᠣ᠋ ᠳᠠᠭᠤᠯᠠᠭᠰᠠᠨ ᠶᠣᠮ ᠬᠦ᠋ | ᠬᠡᠵᠢᠶ᠎ᠡ ᠴᠣ᠋ ᠳᠠᠭᠤᠯᠠᠭᠰᠠᠨ ᠶᠣᠮ | ᠴᠠᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠳᠤ | ᠪᠢᠴᠢᠭ ᠢᠶᠠᠷ ᠳᠠᠭᠤᠯᠠᠭᠰᠠᠨ ᠶᠣᠮ᠃ | | | | ᠢᠷᠠᠯᠲᠠ᠄ ︽ᠣᠷᠠᠳ ᠠᠷᠠᠳ ᠤᠨ ᠦᠯᠢᠭᠡᠷᠲᠣ ᠳᠠᠭᠤᠣ ᠵᠢᠴᠢ ᠳᠠᠭᠤᠣ ᠶᠢᠨ ᠦᠬᠡᠰ ᠤᠨ ᠣᠳᠬ᠎ᠠ ᠰᠠᠨᠠᠭ᠎ᠠ︾ ᠨᠣᠮ ᠠᠴᠠ | |