ᠮᠣᠩᠭᠤᠯᠴᠤᠳ ᠡᠪᠦᠯ ᠤᠨ ᠲᠡᠷᠢᠭᠦᠨ ᠰᠠᠷ᠎ᠠ ᠶᠢᠨ | ᠪᠢᠯᠢᠭ ᠤᠨ ᠤᠯᠠᠷᠢᠯ ᠤᠨ ᠬᠤᠷᠢᠨ ᠲᠠᠪᠤᠨ ᠤ ᠡᠳᠥᠷ ᠢ | ᠵᠤᠯᠠ ᠶᠢᠨ ᠲᠠᠪᠤᠨ᠂ ᠵᠤᠯᠠ ᠶᠢᠨ ᠪᠠᠶᠠᠷ ᠭᠡᠳᠡᠭ᠃ | ᠵᠤᠯᠠ ᠶᠢᠨ ᠬᠤᠷᠢᠨ ᠲᠠᠪᠤᠨ ᠳᠤ ᠮᠣᠩᠭᠤᠯᠴᠤᠳ ᠪᠤᠶᠠᠨ | ᠦᠢᠯᠡᠳᠴᠦ᠂ ᠬᠤᠷᠠᠵᠤ᠂ ᠵᠤᠯᠠ ᠡᠷᠭᠦᠳᠡᠭ᠃ | ᠵᠤᠯᠠ ᠶᠢᠨ ᠬᠤᠷᠢᠨ ᠲᠠᠪᠤᠨ ᠢ ᠽᠦᠩᠺᠠᠸ᠎ᠠ ᠪᠤᠷᠬᠠᠨ | ᠣᠷᠴᠢᠯᠠᠩ ᠳᠤ ᠮᠡᠨᠳᠥᠯᠡᠵᠦ ᠮᠡᠯᠮᠡᠢ ᠭᠡᠶᠢᠭᠰᠡᠨ ᠡᠳᠥᠷ | ᠭᠡᠳᠡᠭ᠃ ᠽᠦᠩᠺᠠᠸ᠎ᠠ ᠪᠤᠷᠬᠠᠨ 1357 ᠣᠨ ᠳᠤ ᠮᠡᠨᠳᠥᠯᠡᠵᠦ᠂ 63 | ᠨᠠᠰᠤᠨ ᠳᠠᠭᠠᠨ ᠲᠠᠭᠠᠯᠠᠯ ᠲᠡᠭᠦᠰᠴᠡᠢ᠃ ᠲᠡᠷᠡ ᠴᠠᠭ ᠠᠴᠠ | ᠵᠢᠯ ᠪᠦᠷᠢ ᠶᠢᠨ ᠡᠨᠡ ᠡᠳᠥᠷ ᠢ ᠵᠤᠯᠠ ᠶᠢᠨ ᠬᠤᠷᠢᠨ | ᠲᠠᠪᠤᠨ ᠬᠡᠮᠡᠨ ᠲᠡᠮᠳᠡᠭᠯᠡᠵᠦ ᠳ᠋ᠦᠩᠴᠢᠳ ᠪᠤᠶᠤ ᠮᠢᠩᠭᠠᠨ | ᠲᠠᠬᠢᠯ ᠤᠨ ᠵᠤᠯᠠ ᠬᠦᠵᠢ ᠡᠷᠭᠦᠵᠦ ᠶᠡᠭᠡ ᠬᠤᠷᠠᠯ ᠬᠤᠷᠠᠳᠠᠭ | ᠪᠠᠶᠢᠨ᠎ᠠ᠃ | ᠡᠨᠡ ᠡᠳᠥᠷ ᠰᠦᠰᠦᠭᠲᠡᠨ ᠨᠠᠷ ᠮᠠᠴᠠᠭ ᠪᠠᠷᠢᠵᠤ ᠵᠤᠯᠠ | ᠡᠷᠭᠦᠵᠦ᠂ ᠠᠷᠪᠠᠨ ᠬᠠᠷ᠎ᠠ ᠨᠢᠭᠦᠯ ᠢ ᠲᠡᠪᠴᠢᠨ᠂ ᠪᠡᠶ᠎ᠡ᠂ | ᠬᠡᠯᠡ᠂ ᠰᠡᠳᠬᠢᠯ ᠢᠶᠠᠨ ᠠᠷᠢᠭᠤᠰᠬᠠᠨ ᠪᠤᠶᠠᠨ ᠦᠢᠯᠡᠳᠪᠡᠰᠦ | ᠡᠷᠭᠦᠭᠰᠡᠨ ᠨᠢᠭᠡ ᠵᠤᠯᠠ ᠨᠢ ᠮᠢᠩᠭ᠎ᠠ ᠪᠣᠯᠵᠤ᠂ ᠤᠩᠰᠢᠭᠰᠠᠨ | ᠨᠢᠭᠡ ᠮᠠᠨᠢ ᠨᠢ ᠲᠦᠮᠡ ᠪᠣᠯᠵᠤ ᠠᠷᠪᠢᠵᠢᠳᠠᠭ᠃ ᠡᠨᠡ ᠡᠳᠥᠷ ᠢ | ᠶᠡᠭᠡ ᠪᠤᠶᠠᠨ ᠬᠤᠷᠢᠶᠠᠨ᠎ᠠ ᠭᠡᠳᠡᠭ᠃ ᠪᠠᠰᠠ ᠨᠢᠭᠡᠨ ᠦᠢᠯᠡ | ᠶᠠᠪᠤᠳᠠᠯ ᠨᠢ ᠮᠣᠩᠭᠤᠯᠴᠤᠳ ᠡᠪᠦᠯ ᠢᠳᠡᠬᠦ ᠢᠳᠡᠰᠢ ᠪᠠᠨ | ᠬᠤᠷᠢᠨ ᠲᠠᠪᠤᠨ ᠤ ᠡᠳᠥᠷ ᠠᠴᠠ ᠡᠮᠦᠨ᠎ᠡ ᠲᠥᠬᠦᠭᠡᠷᠴᠦ | ᠳᠠᠭᠤᠰᠤᠭᠠᠳ ᠣᠯᠠᠨ ᠠᠮᠢᠲᠠᠨ ᠤ ᠠᠮᠢ ᠲᠠᠰᠤᠯᠤᠭᠰᠠᠨ | ᠨᠢᠭᠦᠯ ᠢᠶᠠᠨ ᠨᠠᠮᠠᠨᠴᠢᠯᠠᠵᠤ ᠵᠤᠯᠠ ᠶᠢᠨ ᠬᠤᠷᠢᠨ | ᠲᠠᠪᠤᠨ ᠤ ᠬᠤᠷᠠᠯ ᠢ ᠲᠠᠭᠠᠨ ᠪᠠᠶᠠᠰᠴᠤ᠂ ᠡᠨᠡᠬᠦ | ᠦᠢᠯᠡ ᠠᠴᠠ ᠬᠤᠶᠢᠰᠢ ᠪᠠᠶᠢᠭᠠᠯᠢ ᠶᠢᠨ ᠠᠩ ᠠᠮᠢᠲᠠᠨ ᠢ | ᠬᠥᠨᠥᠭᠡᠵᠦ ᠰᠦᠢᠳᠬᠡᠵᠦ ᠪᠣᠯᠳᠠᠭ ᠦᠭᠡᠢ ᠵᠠᠩᠰᠢᠯ ᠲᠠᠢ | ᠪᠣᠯᠵᠠᠢ᠃ ᠮᠣᠩᠭᠤᠯᠴᠤᠳ ᠵᠤᠯᠠ ᠡᠷᠭᠦᠬᠦ ᠳᠡᠭᠡᠨ ᠥᠨᠥ ᠪᠠ | ᠬᠤᠶᠢᠲᠤ ᠶᠢᠨ ᠪᠤᠶᠠᠨ ᠥᠭᠡᠳᠡ ᠪᠣᠯᠣᠭᠰᠠᠳ ᠢ ᠰᠠᠶᠢᠨ | ᠲᠥᠷᠥᠯ ᠣᠯᠬᠤ ᠶᠢ ᠢᠷᠥᠭᠡᠵᠦ ᠵᠤᠯᠠ ᠡᠷᠭᠦᠳᠡᠭ᠃ ᠵᠤᠯᠠ ᠶᠢᠨ | ᠭᠤᠣᠯ ᠣᠷᠢᠶᠠᠵᠤ ᠪᠣᠢ ᠦᠶ᠎ᠡ ᠳᠡᠭᠡᠨ ᠭᠤᠷᠪᠠᠨ ᠪᠤᠷᠬᠠᠨ ᠤ | ᠵᠢᠷᠦᠬᠡᠨ ᠲᠠᠷᠨᠢ ᠪᠤᠶᠤ ᠤᠮ ᠠᠷᠠ ᠪᠠ ᠵᠠ ᠨᠠ ᠳ᠋ᠢ ︽ᠤᠮ | ᠮᠠ ᠨᠢ ᠪᠠᠳ ᠮᠠᠢ ᠬᠤᠮ︾᠂ ︽ᠤᠮ ᠪᠠᠽᠠᠷ ᠸᠠᠨᠢ ᠬᠤᠮᠫᠠᠳ︾ | ᠵᠡᠷᠭᠡ ᠶᠢᠨ ᠲᠠᠷᠨᠢ ᠨᠤᠭᠤᠳ ᠢ ᠤᠩᠰᠢᠵᠤ ᠪᠠᠶᠢᠪᠠᠯ ᠰᠠᠶᠢᠨ | ᠭᠡᠳᠡᠭ᠃ ᠵᠤᠯᠠ ᠡᠷᠭᠦᠬᠦ ᠳᠡᠭᠡᠨ ᠪᠠᠰᠠ ᠢᠳᠡᠰᠢᠨ ᠳᠤ | ᠲᠥᠬᠦᠭᠡᠷᠦᠭᠰᠡᠨ ᠮᠠᠯ ᠤᠨ ᠪᠠᠷᠠᠭᠤᠨ ᠪᠥᠭᠡᠷ᠎ᠡ ᠶᠢᠨ | ᠥᠭᠡᠬᠦ ᠶᠢ ᠬᠠᠶᠢᠯᠭᠠᠨ ᠵᠤᠯᠠ ᠡᠷᠭᠦᠳᠡᠭ ᠵᠠᠩᠰᠢᠯ ᠪᠤᠢ᠃ | | |