ᠵᠢᠷᠭᠢᠶ᠎ᠡ ᠪᠠᠷ ᠳᠠᠮᠵᠢᠨ ᠮᠠᠶᠢᠮᠠᠢ ᠬᠢᠬᠦ ᠳᠡᠭᠡᠨ ᠪᠤᠯᠭᠤᠮᠵᠢ ᠲᠠᠢ ᠪᠠᠶᠢᠭᠠᠷᠠᠢ︕
ᠨᠡᠶᠢᠲᠡᠯᠡᠭᠰᠡᠨ ᠴᠠᠭ᠄
2024/9/11
   ᠤᠶᠢᠷ᠎ᠠ ᠳᠤ᠂ ᠬᠦᠬᠡᠬᠤᠳᠠ ᠶᠢᠨ ᠢᠦ᠋ᠴᠢᠤᠸᠠᠨ ᠲᠤᠭᠤᠷᠢᠬ ᠤᠨ ᠲᠤᠳᠤᠭᠠᠳᠤ ᠶᠢ ᠬᠠᠮᠠᠭᠠᠯᠠᠬᠤ ᠬᠤᠪᠢᠶᠠᠷᠢ ᠲᠤᠪᠴᠢᠶ᠎ᠠ ᠯᠢᠦ ᠠᠪᠤᠭᠠᠢ ᠶᠢᠨ ︽ᠵᠢᠷᠬᠢᠶ᠎ᠡ ᠶᠢᠨ ᠲᠤᠭᠤᠷᠢᠭ ᠤᠨ ︿ᠨᠠᠶᠢᠵᠠ﹀ ᠲᠠᠢ ᠪᠠᠨ ᠬᠠᠷᠢᠯᠴᠠᠬᠤ ᠪᠠᠷ ᠲᠠᠮᠵᠢᠨ᠂ ᠭᠠᠷ ᠲᠠᠮᠵᠢᠬᠰᠠᠨ 4 ᠮᠠᠰᠢᠨ ᠲᠡᠷᠬᠡ ᠬᠤᠳᠠᠯᠳᠤᠨ ᠠᠪᠬᠤ ᠪᠠᠷ ᠪᠤᠯᠵᠤᠵᠦ᠂ ᠨᠦᠬᠦᠬᠡ ᠡᠳᠡᠬᠡᠳ ᠲᠡᠭᠡᠨ 15.7 ᠲᠦᠮᠡᠨ ᠲᠦᠬᠦᠷᠢᠭ ᠦᠭᠬᠦᠭᠰᠡᠨ ᠳᠤ ᠮᠠᠰᠢᠨ ᠲᠡᠷᠬᠡ ᠪᠠᠨ ᠤᠯᠤᠬᠰᠠᠨ ᠦᠭᠡᠢ ᠪᠦᠬᠡᠳ ᠨᠦᠭᠦᠭᠡ ᠡᠳᠡᠭᠡᠳ ᠨᠢ ᠠᠯᠠᠭ᠎ᠠ ᠪᠤᠯᠴᠢᠬᠠᠵᠠᠢ︾ ᠬᠡᠰᠡᠨ ᠬᠡᠷᠡᠭ ᠤᠨ ᠮᠡᠳᠡᠬᠦᠯᠦᠯᠳᠡ ᠶᠢ ᠲᠤᠰᠪᠠ᠃ ᠢᠦ᠋ᠴᠢᠤᠸᠠᠨ ᠲᠤᠭᠤᠷᠢᠬ ᠤᠨ ᠲᠤᠳᠤᠭᠠᠳᠤ ᠶᠢ ᠬᠠᠮᠠᠭᠠᠯᠠᠬᠤ ᠬᠤᠪᠢᠶᠠᠷᠢ ᠲᠤᠪᠴᠢᠶ᠎ᠠ ᠶᠢᠨ ᠴᠠᠬᠳᠠᠭ᠎ᠠ ᠨᠠᠷ ᠬᠡᠷᠡᠭ ᠶᠠᠪᠤᠳᠠᠯ ᠤᠨ ᠦᠩᠬᠡᠷᠡᠯᠳᠡ ᠶᠢ ᠤᠶᠢᠯᠠᠭᠠᠬᠰᠠᠨ ᠤ ᠲᠠᠷᠠᠭ᠎ᠠ᠂ ᠯᠢᠦ ᠠᠪᠤᠭᠠᠢ ᠪᠠᠷᠤᠬ ᠴᠠᠬᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠳᠤ ᠬᠤᠯᠪᠤᠬᠳᠠᠵᠠᠢ ᠬᠡᠵᠦ ᠮᠠᠭᠠᠳᠯᠠᠪᠠ᠃   ᠯᠢᠦ ᠠᠪᠤᠭᠠᠢ ᠨᠦᠬᠦᠬᠡ ᠡᠳᠡᠬᠡᠳ ᠲᠠᠢ ᠪᠠᠨ ᠴᠦᠮ ᠵᠢᠷᠬᠢᠶ᠎ᠡ ᠪᠠᠷ ᠬᠠᠷᠢᠯᠴᠠᠵᠤ ᠪᠠᠶᠢᠬᠰᠨᠨ ᠲᠤᠯᠠ ᠨᠦᠬᠦᠬᠡ ᠡᠳᠡᠬᠡᠳ ᠤᠨ ᠢᠶᠠᠨ ᠦᠨᠡᠨ ᠨᠡᠷ᠎ᠡ ᠶᠢ ᠮᠡᠳᠡᠬᠦ ᠦᠬᠡᠢ ᠪᠠᠶᠢᠯ᠎ᠠ᠃ ᠴᠠᠬᠳᠠᠭ᠎ᠠ ᠨᠠᠷ ᠬᠤᠶᠠᠷ ᠵᠠᠮ ᠬᠤᠪᠢᠶᠠᠨ᠂ ᠨᠢᠬᠡ ᠵᠠᠮ ᠨᠢ ᠱᠠᠨᠳᠦ᠋ᠩ ᠳᠤ ᠬᠦᠷᠴᠦ ᠵᠤᠭᠤᠰ ᠬᠤᠷᠢᠶᠠᠬᠴᠢ ᠶᠢᠨ ᠮᠡᠳᠡᠭᠡ ᠵᠠᠩᠬᠢ ᠶᠢ ᠪᠠᠶᠢᠴᠠᠭᠠᠨ᠂ ᠨᠦᠬᠦᠬᠡ ᠵᠠᠮ ᠨᠢ ᠵᠢᠶᠠᠩᠰᠤ ᠵᠡᠷᠬᠡ ᠭᠠᠵᠠᠷ ᠲᠤ ᠬᠦᠷᠴᠦ 4 ᠮᠠᠰᠢᠨ ᠲᠡᠷᠬᠡ ᠶᠢᠨ ᠪᠠᠶᠢᠳᠠᠯ ᠢ ᠬᠠᠷᠭᠤᠭᠤᠯᠵᠤ᠂ ᠶᠡᠭᠡ ᠬᠡᠮᠵᠢᠶᠡᠨ ᠤ ᠠᠵᠢᠯ ᠬᠢᠬᠦ ᠪᠠᠷ ᠲᠠᠮᠵᠢᠨ᠂ ᠵᠤᠭᠤᠰ ᠬᠤᠷᠢᠶᠠᠬᠴᠢ ᠯᠠᠨ ᠤᠪᠤᠬᠳᠤ ᠶᠢᠨ ᠱᠠᠨᠳᠦ᠋ᠩ ᠮᠤᠵᠢ ᠳᠤ ᠬᠦᠳᠡᠯᠬᠡᠬᠡᠨ ᠬᠢᠵᠦ ᠪᠠᠶᠢᠬᠤ ᠮᠦᠷ ᠰᠤᠷᠠᠬ ᠢ ᠤᠯᠵᠤ ᠮᠡᠳᠡᠬᠡᠳ᠂ ᠯᠠᠨ ᠤᠪᠤᠬᠳᠤ ᠲᠠᠢ ᠬᠠᠷᠢᠯᠴᠠᠪᠠ᠃   ᠯᠨᠨ ᠤᠪᠤᠬᠳᠤ ᠠᠴᠠ ᠯᠢᠦ ᠤᠪᠤᠬᠳᠤ ᠳᠤ ᠬᠠᠮᠵᠢᠨ ᠵᠤᠭᠤᠰ ᠬᠤᠷᠢᠶᠠᠬᠰᠠᠨ ᠪᠦᠬᠡᠳ ᠵᠤᠭᠤᠰ ᠢ ᠨᠢ ᠭᠠᠷᠭᠠᠨ ᠠᠪᠴᠤ ᠦᠭᠴᠦ᠂ ᠭᠠᠷᠭᠠᠨ ᠠᠪᠤᠬᠰᠠᠨ ᠮᠠᠰᠢᠨ ᠲᠡᠷᠬᠡ ᠬᠤᠳᠠᠯᠳᠤᠨ ᠠᠪᠬᠤ ᠵᠤᠭᠤᠰ ᠢ ᠴᠦᠮ ᠯᠢᠦ ᠤᠪᠤᠬᠳᠤ ᠳᠤ ᠲᠤᠰᠢᠶᠠᠨ ᠦᠭᠴᠡᠢ ᠬᠡᠪᠡ᠃ ᠴᠠᠬᠳᠠᠭ᠎ᠠ ᠨᠠᠷ ᠲᠡᠮᠡᠢ ᠤᠳᠠᠯ ᠦᠬᠡᠢ ᠯᠢᠦ ᠤᠪᠤᠬᠳᠤ ᠶᠢ ᠪᠠᠷᠢᠪᠴᠢᠯᠠᠪᠠ᠃ ᠯᠢᠦ ᠤᠪᠤᠬᠳᠤ ᠭᠠᠷ ᠲᠠᠳᠠᠭᠤ ᠠᠴᠠ ᠪᠤᠯᠵᠤ ᠮᠠᠰᠢᠨ ᠲᠡᠷᠬᠡ ᠪᠠᠶᠢᠨ᠎ᠠ ᠬᠡᠵᠦ ᠬᠠᠭᠤᠷᠮᠠᠬᠯᠠᠨ ᠵᠤᠬᠢᠶᠠᠵᠤ ᠯᠢᠦ ᠠᠪᠤᠭᠠᠢ ᠶᠢᠨ ᠵᠤᠭᠤᠰ ᠢ ᠮᠡᠬᠡᠯᠡᠭᠰᠡᠨ ᠦᠩᠬᠡᠷᠡᠯᠳᠡ ᠪᠠᠨ ᠬᠡᠯᠡᠪᠡ᠃ ᠤᠤᠯ ᠨᠢ ᠶᠠᠯ᠎ᠠ ᠶᠢᠨ ᠰᠡᠵᠢᠭᠳᠡᠨ ᠯᠢᠦ ᠤᠪᠤᠬᠳᠤ ᠪᠤᠰᠤᠳ ᠤᠨ ᠨᠠᠶᠢᠵᠠ ᠶᠢᠨ ᠲᠤᠭᠤᠷᠢᠬ ᠲᠠᠭᠠᠨ ᠶᠠᠪᠤᠭᠤᠯᠤᠬᠰᠠᠨ ᠮᠠᠰᠢᠨ ᠲᠡᠷᠬᠡ ᠶᠢᠨ ᠵᠢᠷᠤᠬ ᠵᠡᠷᠬᠡ ᠶᠢ ᠬᠤᠤᠷᠯᠠᠬᠳᠠᠬᠴᠢ ᠯᠢᠦ ᠠᠪᠤᠭᠠᠢ ᠳᠤ ᠲᠠᠮᠵᠢᠭᠤᠯᠤᠨ ᠦᠭᠴᠦ᠂ ᠮᠠᠰᠢᠨ ᠲᠡᠷᠬᠡ ᠶᠢᠨ ᠦᠨ᠎ᠡ ᠶᠢ ᠪᠠᠭᠤᠷᠠᠭᠤᠯᠤᠨ ᠯᠢᠦ ᠠᠪᠤᠭᠠᠢ ᠶᠢᠨ ᠢᠳᠡᠬᠡᠯ ᠢ ᠤᠯᠤᠬᠰᠠᠨ ᠤ ᠲᠠᠷᠠᠭ᠎ᠠ ᠵᠤᠭᠤᠰ ᠮᠦᠩᠬᠦ ᠶᠢ ᠨᠢ ᠮᠡᠬᠡᠯᠡᠨ ᠠᠪᠴᠠᠢ᠃   ᠤᠳᠤᠬᠠᠨ ᠳᠤ᠂ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠯᠢᠦ ᠤᠪᠤᠬᠳᠤ᠂ ᠯᠠᠨ ᠤᠪᠤᠬᠳᠤ ᠳᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠠᠢ᠃ ᠶᠠᠯ᠎ᠠ ᠶᠢᠨ ᠰᠡᠵᠢᠭᠳᠡᠨ ᠯᠢᠦ ᠤᠪᠤᠬᠳᠤ ᠵᠤᠭᠤᠰ ᠮᠦᠩᠬᠦ ᠶᠢ ᠮᠡᠬᠡᠯᠡᠨ ᠠᠪᠤᠬᠰᠠᠨ ᠤ ᠲᠠᠷᠠᠭ᠎ᠠ ᠶᠡᠬᠡᠩᠬᠢ ᠵᠤᠭᠤᠰ ᠢ ᠵᠤᠭᠤᠰ ᠮᠦᠷᠦ᠋ᠴᠡᠨ ᠱᠦᠭᠦᠭᠳᠡᠵᠦ᠂ ᠦᠯᠡᠳᠡᠭᠰᠡᠨ ᠭᠤᠷᠪᠠᠨ ᠲᠦᠮᠡᠨ ᠲᠦᠬᠦᠷᠢᠭ ᠢ ᠯᠢᠦ ᠠᠪᠤᠭᠠᠢ ᠳᠤ ᠪᠤᠴᠠᠭᠠᠪᠠ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ