ᠤᠯᠤᠰ ᠤᠨ ᠠᠮᠤ ᠪᠤᠳᠠᠭᠠᠨ ᠤ ᠠᠮᠤᠷ ᠲᠦᠪᠰᠢᠨ ᠢ ᠪᠠᠲᠤᠯᠠᠬᠤ ᠲᠤᠬᠠᠢ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠥᠭᠦᠯᠡᠯᠲᠡ ᠶᠢ ᠪᠦᠬᠦ | ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ᠂ ᠮᠠᠨ ᠤ ᠬᠤᠰᠢᠭᠤᠨ ᠤ ᠪᠤᠭᠤᠳᠠᠢ᠂ ᠡᠷᠳᠡᠨᠢ ᠰᠢᠰᠢ ᠵᠡᠷᠭᠡ ᠠᠵᠤ ᠦᠢᠯᠡᠰ ᠤᠨ | ᠲᠣᠭᠲᠠᠭᠤᠨ ᠢᠶᠠᠷ ᠰᠠᠶᠢᠵᠢᠷᠠᠬᠤ ᠶᠢ ᠠᠬᠢᠭᠤᠯᠵᠤ᠂ ᠮᠠᠨ ᠤ ᠬᠤᠰᠢᠭᠤᠨ ᠤ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ᠂ ᠲᠣᠰ ᠬᠡᠷᠡᠭᠵᠢᠭᠦᠯᠬᠦ | ᠲᠥᠰᠦᠯ ᠢ ᠲᠣᠭᠲᠠᠭᠠᠪᠠ᠃ | ᠨᠢᠭᠡ᠂ ᠪᠤᠭᠤᠳᠠᠢ ᠲᠠᠷᠢᠬᠤ ᠨᠥᠬᠦᠪᠥᠷᠢ ᠥᠭᠬᠦ ᠡᠲᠡᠭᠡᠳ ᠪᠤᠭᠤᠳᠠᠢ ᠲᠠᠷᠢᠬᠤ ᠲᠠᠷᠢᠶᠠᠯᠠᠩ ᠮᠠᠯ ᠠᠵᠤ ᠠᠬᠤᠶ ᠶᠢᠨ ᠠᠵᠤ ᠦᠶᠢᠯᠡᠰᠵᠢᠭᠰᠡᠨ ᠬᠥᠲᠥᠴᠢ | ᠠᠵᠤ ᠠᠬᠤᠶᠢᠯᠠᠯ᠂ ᠲᠤᠰᠬᠠᠶ ᠠᠵᠢᠯ ᠤᠨ ᠬᠤᠷᠰᠢᠶ᠎ᠠ᠂ ᠬᠡᠷ ᠪᠦᠯᠢ ᠶᠢᠨ ᠲᠠᠷᠢᠶᠠᠯᠠᠩ ᠤᠨ ᠲᠠᠯᠠᠪᠠᠶ ᠪᠠ ᠲᠠᠷᠢᠮᠠᠯ ᠤᠨ ᠲᠣᠮᠣ ᠡᠷᠦᠬᠡ᠂ ᠲᠠᠷᠬᠠᠢ ᠪᠠᠶᠢᠭ᠎ᠠ | ᠡᠷᠦᠬᠡ ︵ᠬᠠᠲᠤᠨ ᠭᠤᠤᠯ ᠤᠨ ᠲᠠᠩ ᠭᠠᠵᠠᠷ ᠤᠨ ᠥᠨᠳᠥᠷ ᠲᠠᠩ ᠤᠨ ᠣᠷᠣᠨ ᠪᠠ ᠥᠨᠳᠥᠷ ᠡᠰᠢᠲᠦ ᠲᠠᠷᠢᠮᠠᠯ ᠳᠠᠷᠢᠬᠤ ᠶᠢ ᠴᠠᠭᠠᠵᠠᠯᠠᠬᠤ ᠣᠷᠣᠨ ᠤ | ᠲᠠᠷᠢᠮᠠᠯ ᠤᠨ ᠡᠷᠦᠬᠡ ᠪᠠᠭᠲᠠᠨ᠎ᠠ︶᠃ | ᠬᠤᠶᠠᠷ᠂ ᠨᠥᠬᠦᠪᠥᠷᠢ ᠥᠭᠬᠦ ᠪᠠᠷᠢᠮᠵᠢᠶ᠎ᠠ | 1. ᠪᠤᠭᠤᠳᠠᠢ ᠲᠠᠷᠢᠬᠤ ᠨᠥᠬᠦᠪᠥᠷᠢ᠃ ᠪᠣᠷᠣᠲᠣᠬᠤᠶ ᠶᠢᠨ ᠤᠰᠤᠯᠠᠯᠲᠠ ᠶᠢᠨ ᠣᠷᠣᠨ ᠳᠤ 100 ᠮᠦ ᠠᠴᠠ ᠳᠣᠷᠣᠭᠰᠢᠬᠢ ᠪᠣᠭᠤᠳᠠᠶ ᠶᠢᠨ ᠮᠥ | ᠪᠦᠷᠢ ᠳᠤ 150 ᠲᠥᠭᠦᠷᠢᠭ ᠤᠨ ᠨᠥᠬᠦᠪᠥᠷᠢ ᠥᠭᠴᠦ᠂ ᠲᠥᠪᠯᠡᠷᠡᠵᠦ ᠵᠠᠯᠭᠠᠯᠳᠤᠭᠰᠠᠨ 100 ᠮᠦ ᠠᠴᠠ ᠳᠡᠭᠡᠭᠰᠢᠬᠢ ᠪᠣᠭᠤᠳᠠᠶ ᠶᠢᠨ ᠮᠥ ᠪᠦᠷᠢ ᠳᠤ | 200 ᠲᠥᠭᠦᠷᠢᠭ ᠤᠨ ᠨᠥᠬᠦᠪᠥᠷᠢ ᠥᠭᠴᠦ᠂ 500 ᠮᠥ ᠠᠴᠠ ᠳᠡᠭᠡᠭᠰᠢᠬᠢ ᠪᠣᠭᠤᠳᠠᠶ ᠶᠢ ᠮᠥ ᠪᠦᠷᠢ ᠳᠤ 250 ᠲᠥᠭᠦᠷᠢᠭ ᠤᠨ ᠨᠥᠬᠦᠪᠥᠷᠢ ᠥᠭᠴᠦ᠂ | 1000 ᠮᠥ ᠠᠴᠠ ᠳᠡᠭᠡᠭᠰᠢᠬᠢ ᠪᠣᠭᠤᠳᠠᠶ ᠶᠢ ᠮᠥ ᠪᠦᠷᠢ ᠳᠤ 300 ᠲᠥᠭᠦᠷᠢᠭ ᠤᠨ ᠨᠥᠬᠦᠪᠥᠷᠢ ᠥᠭᠴᠦ᠂ 3000 ᠮᠥ ᠠᠴᠠ ᠳᠡᠭᠡᠭᠰᠢᠬᠢ | ᠪᠣᠭᠤᠳᠠᠶ ᠶᠢ ᠲᠥᠪᠯᠡᠷᠡᠭᠦᠯᠦᠨ ᠵᠠᠯᠭᠠᠯᠳᠤᠭᠤᠯᠤᠨ ᠲᠠᠷᠢᠨ᠎ᠠ᠃ ᠪᠤᠭᠤᠳᠠᠢ ᠲᠠᠷᠢᠭᠠᠳ ᠮᠦ ᠪᠦᠷᠢ ᠳᠤ 300 ᠲᠥᠭᠦᠷᠢᠭ ᠤᠨ ᠨᠥᠬᠦᠪᠥᠷᠢ ᠥᠭᠭᠦᠨ᠎ᠡ᠃ | ᠬᠠᠲᠤᠨ ᠭᠤᠤᠯ ᠤᠨ ᠰᠠᠶᠢᠷᠭᠠᠯ ᠣᠷᠣᠨ ᠳᠤ ᠳᠠᠩ ᠲᠠᠷᠢᠬᠤ ᠪᠤᠭᠤᠳᠠᠶ ︵ᠪᠠᠷᠢᠮᠵᠢᠶᠠᠵᠢᠭᠤᠯᠤᠨ ᠲᠠᠷᠢᠬᠤ ᠶᠣᠰᠣᠭᠠᠷ᠂ ᠴᠢᠬᠢ ᠶᠢ ᠬᠠᠮᠠᠭᠠᠯᠠᠬᠤ ᠨᠣᠷᠮ᠎ᠠ ᠶᠢ | 80% ᠠᠴᠠ ᠳᠡᠭᠡᠭᠰᠢ ᠳᠤ ᠬᠦᠷᠦᠭᠦᠯᠵᠦ᠂ ᠬᠡᠪ ᠤᠨ ᠶᠣᠰᠣᠭᠠᠷ ᠪᠣᠯᠪᠠᠰᠤᠷᠠᠵᠤ ᠳᠡᠶᠢᠯᠬᠦ᠂ ᠴᠢᠬᠢ ᠶᠢ ᠪᠠᠲᠤᠯᠠᠬᠤ ᠨᠣᠷᠮ᠎ᠠ ᠨᠢ 80% ᠠᠴᠠ ᠳᠣᠤᠷ᠎ᠠ | ᠪᠠᠶᠢᠪᠠᠯ᠂ ᠬᠡᠪ ᠤᠨ ᠪᠣᠯᠪᠠᠰᠤᠷᠠᠭᠰᠠᠨ ᠲᠠᠯᠠᠪᠠᠶ ᠪᠠᠷ ᠨᠤᠭᠤᠯᠤᠨ ᠪᠣᠳᠣᠬᠤ︶ ᠶᠢ ᠳᠡᠭᠡᠷ᠎ᠡ ᠳᠤᠷᠠᠳᠤᠭᠰᠠᠨ ᠨᠥᠬᠦᠪᠥᠷᠢ ᠶᠢᠨ ᠪᠠᠷᠢᠮᠵᠢᠶ᠎ᠠ ᠶᠣᠰᠣᠭᠠᠷ | ᠬᠡᠷᠡᠭᠵᠢᠬᠦᠯᠦᠨ᠎ᠡ᠃ | 2. ᠪᠤᠭᠤᠳᠠᠶ ᠶᠢᠨ ᠳᠠᠷᠠᠭ᠎ᠠ ᠳᠠᠬᠢᠵᠤ ᠲᠠᠷᠢᠬᠤ ᠨᠥᠬᠦᠪᠥᠷᠢ᠃ ᠪᠤᠭᠤᠳᠠᠶ ᠬᠤᠷᠢᠶᠠᠭᠰᠠᠨ ᠤ ᠳᠠᠷᠠᠭ᠎ᠠ 100 ᠮᠦ ᠠᠴᠠ ᠳᠡᠭᠡᠭᠰᠢ ᠲᠥᠪᠯᠡᠷᠡᠭᠦᠯᠦᠨ | ᠵᠠᠯᠭᠠᠯᠳᠤᠭᠤᠯᠤᠭᠰᠠᠨ ᠪᠤᠭᠤᠳᠠᠶ ᠶᠢᠨ ᠳᠠᠷᠠᠭ᠎ᠠ ᠳᠠᠬᠢᠨ ᠲᠠᠷᠢᠭᠰᠠᠨ ᠨᠣᠬᠠᠶ ᠶᠢᠨ ᠬᠤᠰᠢᠭᠤ ᠶᠢᠨ ᠡᠪᠡᠰᠦ ᠶᠢᠨ ᠮᠦ ᠪᠦᠷᠢ ᠳᠤ 300 ᠲᠥᠭᠦᠷᠢᠭ ᠤᠨ | ᠨᠥᠬᠦᠪᠥᠷᠢ ᠥᠭᠭᠦᠨ᠎ᠡ᠃ ᠪᠤᠭᠤᠳᠠᠶ ᠲᠠᠷᠢᠭᠰᠠᠨ ᠤ ᠳᠠᠷᠠᠭᠠᠬᠢ ᠳᠠᠬᠢᠨ ᠲᠠᠷᠢᠬᠤ ᠱᠠᠭᠠᠷᠳᠠᠯᠭ᠎ᠠ᠄ ᠴᠢᠬᠢ ᠬᠠᠮᠠᠭᠠᠯᠠᠬᠤ ᠨᠣᠷᠮ᠎ᠠ ᠨᠢ 80% ᠠᠴᠠ | ᠳᠡᠭᠡᠭᠰᠢ ᠳᠤ ᠬᠦᠷᠪᠡᠯ ᠳᠠᠬᠢᠨ ᠨᠥᠬᠦᠪᠥᠷᠢ ᠬᠦᠷᠲᠡᠨ᠎ᠡ᠂ ᠬᠦᠷᠬᠦ ᠦᠬᠡᠢ ᠪᠣᠯ ᠨᠥᠬᠦᠪᠥᠷᠢ ᠬᠦᠷᠲᠡᠵᠦ ᠪᠣᠯᠬᠤ ᠦᠭᠡᠶ᠃ | ᠭᠤᠷᠪᠠ᠂ ᠬᠢᠨᠠᠨ ᠪᠠᠶᠢᠴᠠᠭᠠᠵᠤ ᠰᠢᠯᠭᠠᠨ ᠠᠪᠬᠤ | 1. ᠲᠤᠬᠠᠶ ᠶᠢᠨ ᠭᠠᠵᠠᠷ ᠤᠨ ᠰᠤᠮᠤ ᠪᠠᠯᠭᠠᠰᠤᠨ ᠤ ᠲᠠᠷᠢᠶᠠᠯᠠᠩ ᠮᠠᠯᠵᠢᠯ ᠤᠨ ᠲᠠᠯᠠᠪᠠᠢ ᠠᠴᠠ ᠭᠤᠷᠪᠠᠨ ᠲᠠᠯ᠎ᠠ ᠶᠢᠨ ᠺᠣᠮᠫᠠᠨᠢ ᠶᠢ ᠵᠣᠬᠢᠶᠠᠨ ᠪᠠᠶᠢᠭᠤᠯᠵᠤ | ᠂ ᠲᠠᠷᠬᠠᠢ ᠲᠠᠷᠢᠵᠤ ᠤᠷᠭᠤᠭᠤᠯᠬᠤ ᠪᠠ ᠬᠡᠪᠴᠢᠶᠡᠵᠢᠭᠦᠯᠦᠨ ᠡᠵᠡᠩᠨᠡᠬᠦ ᠭᠤᠤᠯ ᠴᠣᠭᠴᠠ ᠶᠢᠨ ᠨᠥᠬᠦᠪᠥᠷᠢ ᠥᠭᠬᠦ ᠲᠠᠯᠠᠪᠠᠢ ᠶᠢ ᠬᠢᠨᠠᠨ ᠪᠠᠶᠢᠴᠠᠭᠠᠵᠤ | ᠰᠢᠯᠭᠠᠨ ᠠᠪᠴᠤ᠂ ᠬᠤᠰᠢᠭᠤᠨ ᠤ ᠲᠠᠷᠢᠶᠠᠯᠠᠩ ᠮᠠᠯ ᠠᠵᠤ ᠠᠬᠤᠶ ᠪᠠ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠠᠴᠠ ᠬᠢᠨᠠᠨ ᠪᠠᠶᠢᠴᠠᠭᠠᠬᠤ | ᠠᠵᠢᠯ ᠢ ᠰᠠᠶᠢᠲᠤᠷ ᠬᠢᠨ᠎ᠡ᠃ | 2. ᠨᠥᠬᠦᠴᠡᠯ ᠳᠤ ᠨᠡᠶᠢᠴᠡᠭᠰᠡᠨ ᠮᠡᠳᠡᠭᠦᠯᠦᠨ ᠬᠦᠷᠭᠡᠭᠰᠡᠨ ᠡᠳ᠋ ᠤᠨ ᠵᠠᠰᠠᠭ ᠤᠨ ᠰᠠᠯᠠᠭ᠎ᠠ ᠮᠥᠴᠢᠷ ᠠᠴᠠ ︽ ᠨᠢᠭᠡ ᠳᠤ ᠨᠡᠪᠲᠡᠷᠡᠬᠦ ᠺᠠᠷᠲ︾ | ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠨᠥᠬᠦᠪᠥᠷᠢ ᠮᠥᠩᠭᠦ ᠣᠯᠭᠤᠨ᠎ᠠ᠃ | ᠳᠥᠷᠪᠡ᠂ ᠠᠵᠢᠯ ᠤᠨ ᠡᠭᠦᠷᠭᠡ ᠬᠠᠷᠢᠭᠤᠴᠠᠯᠭ᠎ᠠ | ᠡᠯ᠎ᠡ ᠰᠠᠯᠠᠭ᠎ᠠ ᠮᠥᠴᠢᠷ ᠤᠳ ᠬᠦᠴᠦ ᠪᠠᠨ ᠬᠠᠮᠲᠤᠳᠬᠠᠨ ᠬᠤᠷᠰᠢᠯᠴᠠᠵᠤ᠂ ᠪᠤᠭᠤᠳᠠᠶ ᠵᠢᠴᠢ ᠪᠤᠭᠤᠳᠠᠶ ᠶᠢᠨ ᠳᠠᠷᠠᠭ᠎ᠠ ᠳᠠᠬᠢᠨ ᠲᠠᠷᠢᠬᠤ | ᠨᠥᠬᠦᠪᠥᠷᠢ ᠶᠢᠨ ᠲᠥᠷᠥ ᠶᠢᠨ ᠪᠣᠳᠣᠯᠭ᠎ᠠ ᠶᠢᠨ ᠤᠷᠤᠭᠰᠢᠲᠠᠶ ᠨᠠᠶᠢᠳᠠᠪᠤᠷᠢᠵᠢᠭᠤᠯᠤᠭᠳᠠᠬᠤ ᠶᠢ ᠦᠨᠡᠨᠬᠦ ᠪᠠᠲᠤᠯᠠᠬᠤ ᠬᠡᠷᠡᠭᠲᠡᠶ᠃ ᠬᠤᠰᠢᠭᠤᠨ ᠤ ᠡᠳ᠋ ᠤᠨ | ᠵᠠᠰᠠᠭ ᠤᠨ ᠲᠣᠪᠴᠢᠶ᠎ᠠ ᠨᠥᠬᠦᠪᠥᠷᠢ ᠶᠢᠨ ᠪᠠᠯᠠ ᠮᠥᠩᠭᠦ ᠶᠢ ᠨᠠᠶᠢᠳᠠᠪᠤᠷᠢᠵᠢᠭᠤᠯᠬᠤ ᠶᠢ ᠬᠠᠷᠢᠭᠤᠴᠠᠬᠤ ᠶᠢᠨ ᠬᠠᠮᠲᠤ ᠴᠠᠭ ᠲᠤᠬᠠᠶ ᠳᠤᠨᠢ ᠲᠠᠷᠬᠠᠭᠠᠬᠤ ᠶᠢ | ᠬᠠᠷᠢᠭᠤᠴᠠᠨ᠎ᠠ᠃ | ᠳᠠᠭᠠᠯᠳᠤᠭᠤᠯᠤᠯ᠄ 2024 ᠣᠨ ᠤ ᠤᠷᠠᠳ ᠤᠨ ᠡᠮᠦᠨᠡᠲᠦ ᠬᠤᠰᠢᠭᠤᠨ ᠤ ᠠᠮᠤ ᠪᠤᠳᠠᠭ᠎ᠠ | ᠦᠢᠯᠡᠳᠪᠦᠷᠢᠯᠡᠯ ᠤᠨ ᠡᠭᠦᠷᠭᠡ ᠶᠢᠨ ᠵᠠᠳᠠᠯᠤᠯᠲᠠ ᠶᠢᠨ ᠬᠦᠰᠦᠨᠦᠭᠲᠦ | | | | | | |