ᠬᠡᠦᠬᠡᠳ ᠲᠤ ᠡᠮ ᠤᠤᠭᠤᠯᠭᠠᠬᠤ ᠳᠤ ᠬᠦᠴᠢᠷ ᠪᠠᠶᠢᠳᠠᠭ ᠠᠴᠠ ᠭᠡᠷ ᠤᠨ ᠠᠬᠠᠮᠠᠳ ᠨᠠᠷ ᠦᠷᠭᠦᠯᠵᠢ ᠬᠡᠦᠬᠡᠳ ᠤᠨ ᠤᠤᠭᠤᠬᠤ ᠳᠤᠷᠠᠲᠠᠢ ᠦᠨᠢᠶᠡᠨ | ᠰᠦ᠂ ᠵᠢᠮᠢᠰ ᠤᠨ ᠰᠢᠭᠦᠰᠦ ᠵᠡᠷᠭᠡ ᠤᠮᠳᠠᠭᠠᠨ ᠢᠶᠠᠷ ᠡᠮ ᠲᠠᠷᠤᠭᠤᠯᠵᠤ ᠤᠤᠭᠤᠯᠭᠠᠳᠠᠭ᠃ ᠦᠨᠡᠨ ᠳᠡᠭᠡᠨ ᠲᠣᠳᠣᠷᠬᠠᠶᠢᠯᠠᠯᠲᠠ ᠶᠢᠨ ᠪᠢᠴᠢᠭ ᠳᠡᠭᠡᠷ᠎ᠡ | ᠣᠨᠴᠠᠭᠠᠶᠢᠯᠠᠨ ᠲᠣᠳᠣᠷᠬᠠᠶᠢᠯᠠᠭᠰᠠᠨ ᠪᠠᠶᠢᠳᠠᠯ ᠢ ᠭᠠᠷᠭᠠᠪᠠᠯ᠂ ᠣᠯᠠᠩᠬᠢ ᠡᠮ ᠢ ᠪᠦᠷ ᠪᠦᠯᠢᠶᠡᠨ ᠤᠰᠤ ᠪᠠᠷ ᠳᠠᠷᠤᠭᠤᠯᠵᠤ ᠤᠤᠭᠤᠯᠭᠠᠪᠠᠯ ᠵᠣᠬᠢᠨ᠎ᠠ᠃ | ᠦᠨᠢᠶᠡᠨ ᠰᠦ᠂ ᠵᠢᠮᠢᠰ ᠤᠨ ᠰᠢᠭᠦᠰᠦ ᠵᠡᠷᠭᠡ ᠪᠤᠰᠤᠳ ᠰᠢᠩᠭᠡᠨ ᠪᠡᠶᠡᠲᠦ ᠪᠠᠷ ᠡᠮ ᠳᠠᠷᠤᠭᠤᠯᠵᠤ ᠤᠤᠭᠤᠯᠭᠠᠪᠠᠯ ᠳᠣᠣᠷᠠᠬᠢ ᠮᠡᠲᠦ ᠮᠠᠭᠤ ᠨᠥᠯᠥᠭᠡ | ᠭᠠᠷᠴᠤ ᠮᠡᠳᠡᠨ᠎ᠡ᠃ ᠦᠨᠢᠶᠡᠨ ᠰᠦ ᠶᠢᠨ ᠳᠣᠲᠣᠷᠠᠬᠢ ᠺᠠᠯᠼ᠂ ᠮᠠᠭᠨᠢ ᠵᠡᠷᠭᠡ ᠡᠷᠦᠳᠡᠰᠦ ᠨᠢ ᠡᠮ ᠤᠨ ᠰᠢᠩᠭᠡᠭᠡᠯᠲᠡ ᠶᠢ ᠨᠥᠯᠥᠭᠡᠯᠡᠳᠡᠭ᠃ ᠵᠢᠮᠢᠰ ᠤᠨ | ᠰᠢᠭᠦᠰᠦ ᠨᠢ ᠶᠡᠷᠦ ᠳᠡᠭᠡᠨ ᠬᠦᠴᠢᠯᠢᠭ ᠴᠢᠨᠠᠷ ᠲᠠᠢ ᠪᠥᠭᠡᠳ ᠱᠦᠯᠲᠦᠯᠢᠭ ᠴᠢᠨᠠᠷ ᠲᠠᠢ ᠡᠮ᠂ ᠵᠢᠱᠢᠶᠡᠯᠡᠪᠡᠯ ᠡᠷᠢᠳ᠋ᠷᠣᠮᠢᠼᠢᠨ ︵红霉素︶ ᠵᠡᠷᠭᠡ ᠲᠠᠢ | ᠤᠷᠪᠠᠯ ᠡᠭᠦᠰᠴᠦ᠂ ᠢᠳᠡᠪᠬᠢ ᠴᠢᠨᠠᠷ ᠢᠶᠠᠨ ᠠᠯᠳᠠᠵᠤ᠂ ᠡᠮᠴᠢᠯᠡᠭᠡᠨ ᠤ ᠦᠷ᠎ᠡ ᠳ᠋ᠦᠩ ᠢ ᠨᠥᠯᠥᠭᠡᠯᠡᠳᠡᠭ᠃ |