ᠤᠨᠲᠠᠵᠤ ᠰᠡᠷᠡᠭᠰᠡᠨ ᠤ ᠳᠠᠷᠠᠭ᠎ᠠ᠂ ᠡᠨᠡ ᠳᠥᠷᠪᠡᠨ ᠮᠠᠭᠤ ᠳᠠᠳᠬᠠᠯ ᠢᠶᠠᠨ ᠵᠠᠪᠠᠯ ᠬᠠᠯᠠᠬᠤ ᠬᠡᠷᠡᠭᠲᠡᠶ
ᠨᠡᠶᠢᠲᠡᠯᠡᠭᠰᠡᠨ ᠴᠠᠭ᠄
2024/7/19
    1. ᠰᠠᠶ᠋ᠢ ᠰᠡᠷᠡᠮᠡᠭᠴᠡ᠂ ᠣᠷᠣ ᠳᠡᠭᠡᠷ᠎ᠡ ᠪᠠᠨ 30 ᠰᠧᠺᠦ᠋ᠨ᠋ᠳ᠋ ᠬᠡᠪᠲᠡᠵᠦ᠂ ᠪᠣᠰᠤᠭᠰᠠᠨ ᠤ ᠳᠠᠷᠠᠭ᠎ᠠ 30 ᠰᠧᠺᠦ᠋ᠨ᠋ᠳ᠋ ᠰᠠᠭᠤᠵᠤ᠂ ᠲᠠᠷᠠᠭ᠎ᠠ ᠨᠢ ᠣᠷᠣ ᠶᠢᠨ ᠬᠦᠪᠡᠭᠡ ᠲᠡᠭᠡᠷ᠎ᠡ ᠪᠠᠨ 30 ᠰᠧᠺᠦ᠋ᠨ᠋ᠳ᠋ ᠰᠠᠭᠤᠬᠰᠠᠨ ᠤ ᠬᠤᠶ᠋ᠢᠨ᠎ᠠ ᠰᠠᠶ᠋ᠢ ᠪᠤᠰᠴᠤ ᠶᠠᠪᠤᠨ᠎ᠠ᠃     2. ᠪᠣᠰᠤᠭᠰᠠᠨ ᠤ ᠳᠠᠷᠠᠭ᠎ᠠ ᠪᠠᠯ ᠲᠠᠢ ᠤᠰᠤ᠂ ᠳᠠᠪᠤᠰᠤ ᠲᠠᠢ ᠤᠰᠤ ᠤᠤᠭᠤᠬᠤ᠂ ᠵᠠᠷᠢᠮ ᠬᠥᠮᠦᠨ ᠥᠷᠯᠥᠭᠡ ᠪᠣᠰᠤᠭᠰᠠᠨ ᠤ ᠳᠠᠷᠠᠭ᠎ᠠ᠂ ᠪᠠᠯ ᠲᠠᠢ ᠤᠰᠤ᠂ ᠳᠠᠪᠤᠰᠤ ᠲᠠᠢ ᠤᠰᠤ ᠤᠤᠭᠤᠬᠤ ᠳᠤᠷᠠᠲᠠᠶ ᠪᠠᠶ᠋ᠢᠳᠠᠭ ᠪᠦᠭᠡᠳ ᠡᠨᠡ ᠨᠢ ᠭᠠᠳᠠᠭᠠᠯᠠᠬᠤ᠂ ᠬᠤᠤᠷ ᠢ ᠭᠠᠳᠠᠭᠰᠢᠯᠠᠭᠤᠯᠬᠤ ᠳᠤ ᠲᠤᠰᠠᠳᠠᠢ ᠭᠡᠵᠦ ᠦᠵᠡᠳᠡᠭ᠂ ᠦᠨᠡᠨ ᠳᠡᠭᠡᠨ ᠢᠩᠭᠢᠵᠦ ᠬᠢᠬᠦ ᠨᠢ ᠪᠤᠷᠤᠭᠤ ᠶᠤᠮ᠃    3. ᠭᠠᠳᠠᠭᠠᠯᠠᠬᠤ ᠳᠠᠭᠠᠨ ᠰᠡᠳᠬᠢᠯ ᠲᠠᠯᠪᠢᠬᠤ ᠦᠭᠡᠢ᠂ ᠬᠡᠲᠦᠷᠬᠡᠶ ᠤᠳᠠᠭᠠᠨ ᠰᠠᠭᠤᠬᠤ᠂ ᠥᠷᠯᠥᠭᠡ ᠪᠣᠰᠤᠭᠰᠠᠨ ᠤ ᠳᠠᠷᠠᠭ᠎ᠠ ᠪᠦᠳᠦᠭᠦᠨ ᠭᠡᠳᠡᠰᠦᠨ ᠤ ᠬᠥᠳᠡᠯᠭᠡᠭᠡᠨ ᠨᠡᠯᠢᠶᠡᠳ ᠬᠥᠭᠵᠢᠶᠡᠨ ᠲᠠᠢ ᠪᠠᠶ᠋ᠢᠳᠠᠭ᠂ ᠴᠥᠭᠡᠨ ᠪᠤᠰᠤ ᠬᠥᠮᠦᠨ  ᠨᠢ ᠡᠨᠡ ᠦᠶ᠎ᠡ ᠳᠤ ᠭᠠᠳᠠᠭᠠᠯᠠᠳᠠᠭ᠂ ᠢᠩᠭᠢᠵᠦ ᠬᠢᠬᠦ ᠨᠢ ᠵᠥᠪ ᠶᠤᠮ᠃     4. ᠴᠠᠭ ᠲᠠᠭᠠᠨ ᠥᠷᠯᠥᠭᠡᠨ ᠤ ᠬᠤᠭᠤᠯᠠ ᠪᠠᠨ ᠢᠳᠡᠳᠡᠭ ᠦᠭᠡᠢ᠂ ᠥᠷᠯᠥᠭᠡ ᠬᠤᠭᠤᠯᠠ ᠢᠳᠡᠬᠦ ᠥᠬᠡᠶ ᠪᠤᠶᠤ ᠨᠡᠯᠢᠶᠡᠳ ᠤᠷᠤᠢ ᠥᠷᠯᠥᠭᠡ ᠶᠢᠨ ᠬᠤᠭᠤᠯᠠ ᠪᠠᠨ ᠢᠳᠡᠬᠦ ᠨᠢ ᠬᠤᠳᠣᠭᠤᠳᠣᠨ ᠡᠪᠡᠳᠴᠢᠨ᠂ ᠰᠥᠰᠥᠨ ᠤ ᠴᠢᠯᠠᠭᠤᠰᠢᠷᠠᠯ ᠤᠨ ᠲᠦᠭᠰᠢᠭᠦᠷᠢ ᠶᠢ ᠨᠡᠮᠡᠭᠳᠡᠭᠦᠯᠳᠡᠭ ᠪᠦᠭᠡᠳ ᠪᠠᠰᠠ ᠮᠠᠷᠢᠶᠠᠯᠠᠬᠤ ᠪᠠ ᠲᠠᠨᠢᠨ ᠮᠡᠳᠡᠬᠦᠶ ᠶᠢᠨ ᠴᠢᠳᠠᠪᠤᠷᠢ ᠶᠢ ᠪᠠᠭᠤᠷᠠᠭᠤᠯᠵᠤ ᠮᠡᠳᠡᠨ᠎ᠡ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ