ᠡᠳᠦᠷ ᠪᠤᠯᠭᠠᠨ ᠥᠨᠳᠡᠭᠡ ᠢᠳᠡᠬᠦ ᠨᠢ ᠪᠡᠶ᠎ᠡ ᠳᠤ ᠲᠤᠰᠠᠲᠠᠢ ᠤᠤ︖
ᠨᠡᠶᠢᠲᠡᠯᠡᠭᠰᠡᠨ ᠴᠠᠭ᠄
2024/7/1
     ᠡᠳᠦᠷ ᠪᠣᠯᠭᠠᠨ ᠨᠢᠭᠡ ᠥᠨᠳᠡᠭᠡ ᠢᠳᠡᠪᠡᠯ ᠬᠥᠮᠥᠨ ᠤ ᠪᠡᠶ᠎ᠡ ᠳᠤ ᠶᠠᠮᠠᠷ ᠬᠤᠪᠢᠷᠠᠯᠲᠠ ᠭᠠᠷᠳᠠᠭ ᠪᠣᠯ︖      1. ᠴᠢᠰᠤᠨ ᠤ ᠥᠭᠡᠬᠦ ᠶᠢ ᠲᠣᠬᠢᠷᠠᠭᠤᠯᠤᠨ᠂ ᠵᠢᠷᠦᠬᠡᠨ ᠤ ᠴᠢᠰᠤᠨ ᠰᠤᠳᠠᠯ ᠤᠨ ᠡᠪᠡᠳᠴᠢᠨ ᠡᠭᠦᠰᠬᠦ ᠨᠣᠷᠮ᠎ᠠ ᠶᠢ ᠳᠣᠷᠣᠭᠰᠢᠯᠠᠭᠤᠯᠤᠨ᠎ᠠ᠃ ᠲᠠᠬᠢᠶᠠᠨ ᠥᠨᠳᠡᠭᠡᠨ ᠤ ᠳᠣᠲᠣᠷᠠᠬᠢ ᠥᠨᠳᠡᠭᠡᠨ ᠹᠣᠰᠹᠣᠷᠲᠤ ᠥᠭᠡᠬᠦ ᠨᠢ ᠥᠭᠡᠬᠦ ᠶᠢᠨ ᠰᠢᠩᠭᠡᠭᠡᠯᠲᠡ᠂ ᠰᠣᠯᠢᠯᠴᠠᠭ᠎ᠠ ᠶᠢ ᠵᠣᠬᠢᠴᠠᠭᠤᠯᠬᠤ ᠦᠢᠯᠡᠳᠦᠯ ᠲᠠᠢ ᠪᠣᠯᠬᠤᠷ ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠬᠦ ᠨᠢ ᠦᠨᠡᠨ ᠳᠡᠭᠡᠨ ᠨᠡᠯᠢᠶᠡᠳ ᠠᠷᠪᠢᠨ ᠬᠠᠨᠤᠮᠠᠯ ᠥᠭᠡᠬᠦ ᠲᠠᠢ ᠤᠯᠠᠭᠠᠨ ᠮᠢᠬᠠᠨ ᠤ ᠲᠥᠷᠥᠯ ᠢ ᠢᠳᠡᠬᠦ ᠠᠴᠠ ᠢᠯᠡᠭᠦᠦ ᠵᠢᠷᠦᠬᠡᠨ ᠤ ᠴᠢᠰᠤᠨ ᠰᠤᠳᠠᠯ ᠤᠨ ᠡᠷᠡᠭᠦᠯ ᠮᠡᠨᠳᠦ ᠳᠤ ᠲᠤᠩ ᠠᠰᠢᠭᠲᠠᠢ ᠪᠠᠶᠢᠳᠠᠭ᠃      2. ᠦᠯ ᠳᠠᠭᠠᠭᠠᠵᠦ᠂ ᠪᠡᠶ᠎ᠡ ᠶᠢᠨ ᠬᠦᠨᠳᠦ ᠶᠢ ᠬᠢᠵᠠᠭᠠᠷᠯᠠᠬᠤ ᠳᠤ ᠲᠤᠰᠠᠯᠠᠨ᠎ᠠ᠃ ᠲᠠᠬᠢᠶᠠᠨ ᠤ ᠥᠨᠳᠡᠭᠡᠨ ᠳᠤ ᠠᠰᠢᠭᠯᠠᠯᠲᠠ ᠶᠢᠨ ᠨᠣᠷᠮ᠎ᠠ ᠪᠠᠷ ᠲᠦᠢᠯ ᠤᠨ ᠥᠨᠳᠥᠷ ᠴᠢᠨᠠᠷ ᠰᠠᠶᠢᠲᠠᠢ ᠤᠭᠤᠷᠠᠭ ᠠᠭᠤᠯᠤᠭᠳᠠᠵᠤ ᠪᠠᠶᠢᠳᠠᠭ᠃ ᠤᠭᠤᠷᠠᠭ ᠤᠨ ᠰᠢᠩᠭᠡᠭᠡᠯᠲᠡ ᠶᠢᠨ ᠬᠤᠷᠳᠤᠴᠠ ᠨᠢ ᠨᠡᠭᠦᠷᠡᠰᠦ ᠤᠰᠤᠨ ᠤ ᠨᠢᠭᠡᠳᠪᠦᠷᠢ ᠠᠴᠠ ᠬᠤᠯᠠ ᠳᠣᠣᠷ᠎ᠠ ᠪᠠᠶᠢᠳᠠᠭ ᠠᠴᠠ ᠢᠳᠡᠭᠰᠡᠨ ᠤ ᠳᠠᠷᠠᠭ᠎ᠠ ᠴᠠᠳᠬᠤᠯᠠᠩ ᠪᠠᠶᠢᠳᠠᠯ ᠲᠠᠢ ᠪᠠᠶᠢᠯᠭᠠᠳᠠᠭ ᠠᠴᠠ ᠢᠳᠡᠭᠡᠨ ᠤ ᠳᠤᠷᠠᠰᠢᠯ ᠢ ᠬᠤᠷᠢᠭᠯᠠᠳᠠᠭ᠃      3. ᠨᠢᠳᠦ ᠬᠤᠷᠴᠠ᠂ ᠲᠠᠷᠢᠬᠢ ᠲᠣᠯᠣᠭᠠᠢ ᠰᠡᠷᠭᠡᠭ ᠪᠣᠯᠳᠠᠭ᠃ ᠲᠠᠬᠢᠶᠠᠨ ᠤ ᠥᠨᠳᠡᠭᠡᠨ ᠳᠠᠬᠢ ᠸᠢᠲ᠋ᠠᠮᠢᠨ A ᠶᠢᠨ ᠠᠭᠤᠯᠤᠭᠳᠠᠴᠠ ᠮᠠᠰᠢ ᠥᠨᠳᠥᠷ᠂ ᠡᠳᠦᠷ ᠲᠤᠲᠤᠮ ᠤᠨ ᠢᠳᠡᠭᠡᠨ ᠤ ᠳᠣᠲᠣᠷᠠᠬᠢ ᠸᠢᠲ᠋ᠠᠮᠢᠨ A ᠶᠢᠨ ᠢᠷᠡᠯᠲᠡ ᠨᠢ ᠮᠠᠰᠢ ᠰᠠᠶᠢᠨ ᠪᠠᠶᠢᠳᠠᠭ᠃ ᠸᠢᠲ᠋ᠠᠮᠢᠨ A ᠶᠢᠨ ᠠᠭᠤᠯᠤᠭᠳᠠᠴᠠ ᠪᠠᠷ ᠲᠦᠢᠯ ᠤᠨ ᠥᠨᠳᠥᠷ ᠠᠮᠢᠲᠠᠨ ᠤ ᠡᠯᠢᠭᠡ ᠲᠠᠢ ᠬᠠᠷᠢᠴᠠᠭᠤᠯᠪᠠᠯ᠂ ᠲᠠᠬᠢᠶᠠᠨ ᠤ ᠥᠨᠳᠡᠭᠡ ᠶᠢᠨ ᠳᠠᠪᠠᠭᠤᠯᠢᠭ ᠲᠠᠯ᠎ᠠ ᠨᠢ ᠡᠯᠢᠭᠡ ᠰᠢᠭ ᠲᠡᠶᠢᠮᠦ ᠠᠮᠠᠷᠬᠠᠨ ᠬᠡᠮᠵᠢᠶ᠎ᠡ ᠠᠴᠠ ᠬᠡᠲᠦᠷᠡᠲᠡᠯ᠎ᠡ ᠰᠢᠩᠭᠡᠳᠡᠭ ᠦᠭᠡᠢ᠃ ᠥᠨᠳᠡᠭᠡᠨ ᠹᠣᠰᠹᠣᠷᠲᠤ ᠥᠭᠡᠬᠦ ᠪᠣᠯ ᠲᠠᠬᠢᠶᠠᠨ ᠤ ᠥᠨᠳᠡᠭᠡᠨ ᠤ ᠳᠣᠲᠣᠷᠠᠬᠢ ᠣᠨᠴᠠ ᠪᠠᠶᠢᠳᠠᠭ ᠨᠢᠭᠡ ᠵᠦᠢᠯ ᠤᠨ ᠰᠢᠮ᠎ᠡ ᠲᠡᠵᠢᠭᠡᠯ ᠤᠨ ᠡᠳ᠋ ᠪᠠᠶᠢᠵᠤ᠂ ᠶᠡᠭᠡ ᠲᠠᠷᠢᠬᠢᠨ ᠤ ᠮᠡᠳᠡᠷᠡᠯ ᠤᠨ ᠡᠰ ᠲᠤ ᠰᠢᠮ᠎ᠡ ᠲᠡᠵᠢᠭᠡᠯ ᠬᠠᠩᠭᠠᠳᠠᠭ᠃ ᠡᠳᠦᠷ ᠪᠦᠷᠢ ᠨᠢᠭᠡ ᠲᠠᠬᠢᠶᠠᠨ ᠤ ᠥᠨᠳᠡᠭᠡ ᠢᠳᠡᠬᠦ ᠨᠢ ᠴᠡᠭᠡᠵᠢᠯᠡᠬᠦ ᠴᠢᠳᠠᠪᠤᠷᠢ ᠮᠠᠭᠤᠳᠠᠬᠤ ᠠᠴᠠ ᠰᠡᠷᠭᠡᠶᠢᠯᠡᠵᠦ᠂ ᠲᠠᠨᠢᠨ ᠮᠡᠳᠡᠬᠦᠢ ᠶᠢᠨ ᠴᠢᠳᠠᠪᠤᠷᠢ ᠮᠠᠭᠤᠳᠠᠬᠤ ᠶᠢ ᠰᠡᠷᠭᠡᠶᠢᠯᠡᠬᠦ ᠳᠤ ᠵᠣᠬᠢᠬᠤ ᠬᠡᠮᠵᠢᠶᠡᠨ ᠤ ᠠᠴᠢ ᠲᠤᠰᠠ ᠲᠠᠢ ᠶᠤᠮ᠃    
ᠢᠷᠡᠯᠲᠡ᠄ ᠣᠷᠳᠣᠰ ᠤᠨ ᠡᠳᠦᠷ ᠤᠨ ᠰᠣᠨᠢᠨ