ᠮᠣᠩᠭᠤᠯᠴᠤᠳ ᠦᠬᠡᠷ ᠢ ᠭᠠᠷᠰᠢᠭᠤᠯᠤᠨ ᠲᠡᠵᠢᠭᠡᠭᠰᠡᠨ ᠶᠠᠪᠤᠴᠠ ᠳᠤ ᠪᠠᠨ ᠠᠴᠢᠶ᠎ᠠ ᠲᠡᠭᠡᠭᠡᠪᠦᠷᠢ᠂ ᠠᠶᠠᠨ ᠵᠢᠩ ᠳᠤ ᠬᠥᠯᠪᠦᠷᠢ ᠪᠠᠷ ᠬᠡᠷᠡᠭᠯᠡᠬᠦ ᠶᠢᠨ | ᠬᠠᠮᠲᠤ᠂ ᠮᠢᠬ᠎ᠠ᠂ ᠰᠦ ᠪᠠᠷ ᠨᠢ ᠢᠳᠡᠭᠡᠨ ᠤᠮᠳᠠᠭᠠᠨ ᠪᠣᠯᠭᠠᠵᠤ᠂ ᠠᠷᠠᠰᠤ ᠰᠢᠷᠢ᠂ ᠦᠰᠦ ᠤᠩᠭᠠᠰᠤ ᠶᠢ ᠨᠢ ᠡᠳᠦᠷ ᠳᠣᠳᠣᠮ ᠤᠨ ᠬᠡᠷᠡᠭᠯᠡᠭᠡᠨ ᠳᠤ ᠪᠠᠨ | ᠠᠰᠢᠭᠯᠠᠭᠰᠠᠭᠠᠷ ᠢᠷᠡᠵᠡᠢ᠃ ᠦᠬᠡᠷ ᠢ ᠢᠯᠭᠠᠨ ᠨᠡᠷᠡᠯᠡᠬᠦ ᠳᠤ ᠪᠠᠨ ᠭᠤᠣᠯᠳᠠᠭᠤ ᠨᠠᠰᠤ ᠰᠢᠳᠦ᠂ ᠬᠦᠢᠰᠦ ᠴᠢᠨᠠᠷ᠂ ᠥᠩᠭᠡ ᠵᠢᠰᠦᠮ᠂ ᠲᠥᠷᠥᠴᠡ ᠪᠠᠶᠢᠳᠠᠯ | ᠂ ᠵᠠᠩ ᠠᠷᠠᠨᠰᠢᠨ᠂ ᠬᠥᠯᠦᠰᠢ ᠬᠡᠷᠡᠭᠯᠡᠭᠡᠨ ᠵᠡᠷᠭᠡ ᠶᠢ ᠦᠨᠳᠦᠰᠦᠯᠡᠬᠦ ᠵᠠᠩᠰᠢᠯ ᠲᠠᠢ᠃ | ᠦᠬᠡᠷ ᠢ ᠨᠠᠰᠤ ᠰᠢᠳᠦ ᠪᠠᠷ ᠨᠢ ᠢᠯᠭᠠᠨ ᠨᠡᠷᠡᠯᠡᠬᠦ᠄ ᠦᠬᠡᠷ ᠤᠨ ᠨᠠᠰᠤ ᠰᠢᠳᠦ ᠪᠠᠷ ᠨᠢ ᠢᠯᠭᠠᠨ ᠲᠣᠭᠲᠠᠭᠠᠬᠤ ᠳᠤ ᠡᠭᠦᠳᠡᠨ ᠰᠢᠳᠦᠨ ᠤ ᠬᠢᠨᠢ | ᠬᠠᠯᠪᠠᠭ᠎ᠠ ᠶᠢᠨ ᠲᠤᠭ᠎ᠠ ᠶᠢ ᠦᠨᠳᠦᠰᠦᠯᠡᠳᠡᠭ᠃ ᠨᠢᠭᠡ ᠨᠠᠰᠤᠨ ᠤ ᠬᠢ ᠶᠢ ᠲᠤᠭᠤᠯ᠂ ᠬᠤᠶᠠᠷ ᠨᠠᠰᠤᠨ ᠤ ᠬᠢ ᠶᠢ ᠪᠢᠷᠠᠭᠤ ᠭᠡᠨ᠎ᠡ᠃ ᠲᠤᠭᠤᠯ᠂ ᠪᠢᠷᠠᠭᠤ | ᠪᠦᠷ ᠰᠦᠨ ᠰᠢᠳᠦ ᠲᠠᠢ ᠪᠠᠨ ᠪᠠᠶᠢᠳᠠᠭ᠃ ᠭᠤᠷᠪᠠᠨ ᠨᠠᠰᠤᠨ ᠳᠤ ᠪᠠᠨ ᠡᠭᠦᠳᠡᠨ ᠰᠢᠳᠦ ᠨᠢ ᠬᠤᠶᠠᠷ ᠬᠠᠯᠪᠠᠭ᠎ᠠ ᠲᠠᠢ ᠪᠣᠯᠬᠤ ᠳᠤ ᠰᠢᠳᠦᠯᠡᠩ ᠭᠡᠬᠦ᠂ | ᠳᠥᠷᠪᠡᠨ ᠨᠠᠰᠤᠨ ᠳᠤ ᠪᠠᠨ ᠳᠥᠷᠪᠡᠨ ᠬᠠᠯᠪᠠᠭ᠎ᠠ ᠲᠠᠢ ᠪᠣᠯᠬᠤ ᠳᠤ ᠬᠢᠵᠠᠯᠠᠩ ᠭᠡᠬᠦ᠂ ᠲᠠᠪᠤᠨ ᠨᠠᠰᠤᠨ ᠳᠤ ᠪᠠᠨ ᠵᠢᠷᠭᠤᠭᠠᠨ ᠬᠠᠯᠪᠠᠭ᠎ᠠ ᠲᠠᠢ ᠪᠣᠯᠬᠤ ᠳᠤ | ᠰᠣᠶᠣᠯᠠᠩ ᠭᠡᠬᠦ᠂ ᠵᠢᠷᠭᠤᠭᠠᠨ ᠨᠠᠰᠤᠨ ᠳᠤ ᠪᠠᠨ ᠨᠠᠢᠮᠠᠨ ᠬᠠᠯᠪᠠᠭ᠎ᠠ ᠲᠠᠢ ᠪᠣᠯᠬᠤ ᠳᠤ ᠨᠠᠰᠤ ᠭᠦᠢᠴᠡᠭᠰᠡᠨ ᠪᠦᠳᠦᠭᠦᠨ ᠦᠬᠡᠷ ᠭᠡᠳᠡᠭ᠃ | |