ᠪᠠᠷᠢᠶ᠎ᠠ ᠬᠢᠬᠦ ᠭᠡᠳᠡᠭ ᠪᠣᠯ ᠤᠷᠭᠤᠮᠠᠯ ᠤᠨ ᠬᠠᠯᠢᠰᠤ ᠪᠤᠶᠤ ᠠᠮᠢᠲᠠᠨ ᠤ ᠪᠠᠭᠠᠰᠤ᠂ ᠴᠢᠯᠠᠭᠤ ᠶᠢᠨ ᠵᠦᠢᠯ᠂ ᠬᠦᠵᠢ ᠵᠡᠷᠭᠡ ᠶᠢ ᠦᠢᠯᠡᠳᠴᠤ᠂ ᠡᠮ ᠲᠠᠢ ᠬᠤᠯᠢᠵᠤ | ᠬᠠᠯᠠᠭᠤᠨ ᠵᠢᠩ ᠲᠠᠯᠪᠢᠬᠤ ᠵᠠᠰᠠᠯᠭ᠎ᠠ ᠶᠢ ᠵᠢᠭᠠᠵᠤ ᠪᠤᠢ᠃ ᠮᠤᠩᠭᠤᠯ ᠡᠮᠨᠡᠯᠭᠡ ᠶᠢᠨ ᠪᠠᠷᠢᠶ᠎ᠠ ᠶᠢᠨ ᠵᠠᠰᠠᠯᠭ᠎ᠠ ᠳᠤ ᠴᠠᠭᠠᠨ ᠪᠠᠷᠢᠶ᠎ᠠ᠂ ᠪᠤᠷᠤ ᠪᠠᠷᠢᠶ᠎ᠠ ᠪᠤᠢ᠃ ᠴᠠᠭᠠᠨ | ᠪᠠᠷᠢᠶ᠎ᠠ ᠨᠢ ᠪᠤᠭᠤᠲᠠᠢ ᠶᠢᠨ ᠬᠠᠯᠢᠰᠤ᠂ ᠲᠡᠮᠡᠭᠡᠨ ᠬᠢᠷᠭᠤᠤᠯ ᠤᠨ ᠦᠨᠡᠰᠦ᠂ ᠴᠢᠯᠠᠭᠤᠨ ᠨᠡᠬᠦᠷᠡᠰᠦ᠂ ᠬᠦᠵᠢ ᠲᠡᠷᠢᠬᠦᠳᠡᠨ ᠢ ᠡᠮ ᠲᠠᠢ ᠵᠤᠬᠢᠴᠠᠭᠤᠯᠤᠨ ᠨᠠᠶᠢᠷᠠᠭᠤᠯᠵᠤ | ᠲᠤᠭᠤᠭᠠᠨ ᠳᠤ ᠬᠢᠵᠤ ᠰᠠᠶᠢᠳᠤᠷ ᠬᠠᠯᠠᠭᠠᠭᠠᠳ᠂ ᠪᠦᠰ ᠤᠭᠤᠲᠠᠨ ᠳᠤ ᠰᠠᠪᠠᠯᠠᠵᠤ᠂ ᠬᠠᠯᠠᠭᠤᠨ ᠢᠶᠠᠷ ᠨᠢ ᠡᠪᠡᠳᠴᠢᠲᠡᠨ ᠤ ᠡᠪᠡᠳᠴᠤ ᠪᠠᠶᠢᠭ᠎ᠠ ᠭᠠᠵᠠᠷ ᠲᠤ ᠨᠢ | ᠲᠠᠯᠪᠢᠬᠤ ᠪᠤᠶᠤ ᠲᠡᠭᠡᠷ᠎ᠡ ᠨᠢ ᠰᠠᠭᠤᠯᠭᠠᠵᠤ ᠲᠤᠭᠲᠠᠭᠰᠠᠨ ᠴᠠᠭ ᠬᠦᠷᠲᠡᠯ᠎ᠡ ᠵᠠᠰᠠᠳᠠᠭ᠂ ᠡᠨᠡᠬᠦ ᠵᠠᠰᠠᠯᠭ᠎ᠠ ᠶᠢᠨ ᠲᠠᠭᠠᠤ ᠬᠤᠷᠢᠨ ᠨᠢᠭᠡᠨ ᠡᠳᠦᠷ ᠤᠨ ᠵᠠᠰᠠᠯ ᠤᠨ ᠡᠮ | ᠤᠤᠭᠤᠯᠭᠠᠵᠤ ᠵᠠᠰᠠᠬᠤ ᠶᠢ ᠬᠡᠯᠡᠨ᠎ᠡ᠃ | ᠴᠠᠭᠠᠨ ᠪᠠᠷᠢᠶ᠎ᠠ ᠭᠡᠳᠡᠭ ᠨᠢ ᠰᠢᠨᠵᠢᠯᠡᠬᠦ ᠤᠬᠠᠭᠠᠨ ᠤ ᠨᠡᠷ᠎ᠡ ᠲᠤᠮᠢᠶ᠎ᠠ ᠪᠠᠷ ᠪᠣᠯ ᠹᠢᠽᠢᠺ ᠤᠨ ᠵᠠᠰᠠᠯ ᠢ ᠭᠡᠯᠡᠨ᠎ᠡ᠃ ᠲᠡᠷᠡ ᠨᠢ ᠮᠤᠷᠢ᠂ ᠮᠤᠲ᠋ᠤᠷ᠂ ᠮᠠᠰᠢᠨ ᠲᠡᠷᠭᠡ᠂ | ᠬᠠᠳᠠ ᠡᠷᠬᠢ ᠠᠴᠠ ᠤᠨᠠᠵᠤ ᠤᠶᠢᠴᠢᠭᠠᠳ ᠵᠢᠷᠦᠭᠡ᠂ ᠠᠭᠤᠰᠬᠢ᠂ ᠡᠯᠢᠭᠡ᠂ ᠲᠡᠯᠢᠬᠦᠦ ᠨᠢ ᠪᠡᠷᠳᠡᠵᠤ ᠴᠢᠰᠦ ᠨᠢ ᠴᠠᠯᠬᠢᠨ ᠨᠦᠵᠢᠷᠡᠨ ᠲᠤᠭᠳᠠᠵᠤ᠂ ᠤᠬᠠᠭᠠᠨ | ᠪᠠᠯᠠᠷᠠᠨ ᠬᠡᠪᠲᠡᠷᠢ ᠳᠤ ᠤᠷᠤᠭᠰᠠᠨ ᠰᠢᠷᠠᠬᠳᠤᠭᠰᠠᠳ ᠲᠤ ᠲᠤᠬᠢᠷᠠᠨ᠎ᠠ᠃ ᠬᠦᠨᠳᠦ ᠨᠢ ᠠᠮᠠᠨ ᠳᠤ ᠨᠢ ᠴᠢᠰᠦ ᠠᠮᠳᠠᠭᠳᠠᠬᠤ᠂ ᠴᠢᠰᠦ ᠪᠠᠷ ᠬᠠᠨᠢᠶᠠᠬᠤ᠂ ᠪᠦᠭᠡᠯᠵᠢᠬᠦ᠂ | ᠶᠠᠰᠤᠨ ᠠᠴᠠ ᠴᠢᠰᠦ ᠭᠠᠷᠬᠤ᠂ ᠭᠠᠷ ᠬᠦᠷᠴᠤ ᠪᠤᠯᠬᠤ ᠦᠭᠡᠢ ᠬᠦᠨᠳᠤᠭᠦᠷ ᠲᠠᠢ ᠪᠠᠶᠢᠳᠠᠭ᠃ | ᠴᠠᠭᠠᠨ ᠪᠠᠷᠢᠶ᠎ᠠ ᠶᠢᠨ ᠪᠦᠷᠢᠯᠳᠦᠬᠦᠨ᠄ | 1᠂ ᠲᠡᠮᠡᠭᠡᠨ ᠤ ᠬᠦᠬᠡ ᠬᠤᠷᠭᠤᠯ ᠤᠨ ᠰᠢᠳᠠᠭᠠᠭᠰᠠᠨ ᠦᠨᠡᠰᠦ 4 ᠵᠢᠩ᠃ | 2᠂ ᠪᠤᠭᠤᠳᠠᠢ ᠶᠢᠨ ᠬᠠᠯᠢᠰᠤ 2 ᠵᠢᠩ᠃ | 3᠂ ᠵᠢᠩᠬᠢᠨᠢ ᠪᠤᠯᠪᠠᠰᠤᠷᠠᠭᠰᠠᠨ ᠴᠢᠯᠠᠭᠤᠨ ᠨᠡᠬᠦᠷᠡᠰᠦᠨ ᠲᠠᠯᠬ᠎ᠠ 1 ᠵᠢᠩ ︵ᠬᠢᠯᠳᠠᠭᠠᠨᠠᠭᠰᠠᠨ ᠪᠦᠬᠡᠳ ᠬᠦᠩᠬᠡᠨ ᠪᠠᠶᠢᠬᠤ︶᠃ | 4᠂ ᠲᠠᠬᠢᠶᠠᠨ ᠦᠨᠳᠡᠭᠡᠨ ᠤ 9 ᠪᠦᠬᠦᠯᠢ ᠰᠢᠷ᠎ᠠ᠂ ᠴᠠᠭᠠᠨ᠃ | 5᠂ ᠰᠢᠷ᠎ᠠ ᠬᠦᠵᠢ 1 ᠪᠠᠭᠴᠠ ᠶᠢ ᠲᠠᠯᠠᠭᠯᠠᠵᠤ ᠬᠢᠬᠦ᠃ | 6᠂ ᠼᠤᠤ 1 ᠵᠢᠩ ︵ᠬᠤᠭᠤᠯᠠᠨ ᠼᠤᠤ︶᠃ | 7᠂ ᠬᠠᠷ᠎ᠠ ᠠᠷᠢᠬᠢ ︵65 ᠭᠷᠠᠳᠦ᠋ᠰ᠂ ᠬᠠᠷᠢᠨ ᠰᠫᠢᠷᠲ ᠪᠢᠰᠢ︶᠃ | 8᠂ ᠪᠤᠷᠤ ᠴᠠᠭᠠᠰᠤ 8 ᠠᠮᠠ᠃ | ᠴᠠᠭᠠᠨ ᠪᠠᠷᠢᠶ᠎ᠠ ᠶᠢ ᠨᠠᠶᠢᠷᠠᠭᠤᠯᠬᠤ ᠳᠤ ᠪᠠᠨ ᠴᠠᠭᠠᠰᠤ ᠠᠴᠠ ᠪᠤᠰᠤᠳ ᠲᠤᠯᠤᠭᠠᠨ ᠪᠦᠷᠢᠯᠳᠦᠬᠦᠨ ᠢᠶᠠᠨ ᠲᠤᠯᠤᠭᠠᠨ ᠲᠠᠮᠠᠭᠠᠳᠤ ᠰᠢᠷᠡᠮᠦᠨ ᠲᠤᠭᠤᠭᠠᠨ ᠳᠤ ᠬᠢᠵᠤ | ᠬᠦᠯ ᠦᠭᠡᠢ ᠤᠰᠤ ︵ᠬᠤᠪᠤᠭᠤ ᠪᠠᠷ ᠲᠠᠳᠠᠵᠤ ᠭᠠᠷᠭᠠᠭᠠᠳ ᠭᠠᠵᠠᠷ ᠲᠠᠯᠪᠢᠬᠤ ᠦᠭᠡᠢ ᠠᠪᠴᠢᠷᠠᠭᠰᠠᠨ ᠤᠰᠤ︶ ᠬᠢᠵᠤ ᠰᠢᠩᠭᠡᠷᠡᠬᠦᠯᠦᠨ ᠵᠦᠭᠡᠯᠡᠨ ᠭᠠᠯ ᠢᠶᠠᠷ | ᠪᠤᠴᠠᠯᠭᠠᠵᠤ ᠠᠮᠤᠰᠤ ᠠᠳᠠᠯᠢ ᠦᠳᠭᠡᠷᠡᠬᠦᠯᠵᠤ ᠲᠡᠪᠢᠬᠦᠷ ᠪᠤᠶᠤ ᠠᠳᠠᠷ ᠲᠤ ᠬᠢᠵᠤ ᠬᠦᠷᠦᠭᠡᠰᠬᠢᠭᠡᠳ 50 ᠭᠷᠠᠳᠦ᠋ᠰ ᠪᠤᠯᠬᠤ ᠦᠶ᠎ᠡ ᠳᠤ ᠨᠢ ᠬᠦᠭᠡ ᠪᠦᠰᠡᠨ ︵ | ᠪᠠᠶᠢᠪᠠᠩ ᠲᠠᠢ ᠪᠤᠳᠤᠭᠯᠠᠭᠰᠠᠨ︶ ᠳᠤ ᠴᠢᠳᠬᠤᠵᠤ ᠪᠦᠰᠡ ᠪᠠᠨ ᠤᠭᠤᠳᠠᠯᠠᠨ ᠪᠤᠭᠤᠵᠤ ᠬᠠᠪᠲᠠᠭᠠᠢ ᠮᠤᠳᠤᠨ ᠲᠡᠭᠡᠷ᠎ᠡ ᠤᠭᠤᠳᠠ ᠶᠢᠨ ᠢᠷᠤᠭᠠᠷ ᠢᠶᠠᠷ ᠨᠢ ᠨᠦᠳᠦᠵᠤ | ᠪᠠᠷᠢᠶ᠎ᠠ ᠪᠠᠨ ᠴᠢᠭᠵᠢᠷᠡᠬᠦᠯᠦᠨᠡ᠃ ᠡᠪᠡᠳᠴᠢᠲᠡᠨ ᠢᠶᠠᠨ ᠤᠷᠤ ᠲᠡᠭᠡᠷ᠎ᠡ ᠨᠢ ᠲᠡᠭᠡᠭᠰᠢ ᠬᠠᠨᠳᠤᠭᠤᠯᠤᠨ ᠬᠡᠪᠳᠡᠬᠦᠯᠵᠤ᠂ ᠪᠦᠭᠡᠷᠡᠨ ᠤ ᠲᠤᠭᠤᠤᠷ ᠨᠢ ᠮᠧᠳ᠋ᠷ ᠬᠠᠭᠠᠰ | ᠬᠦᠭᠡ ᠪᠦᠰ ᠢᠶᠠᠷ ᠭᠤᠤᠯ ᠢᠶᠠᠷ ᠨᠢ ᠨᠤᠭᠤᠯᠵᠤ ᠲᠡᠪᠢᠰᠦᠭᠡᠳ᠂ ᠦᠰᠦ ᠦᠯᠢᠶᠡᠬᠦ ᠳᠤ ᠲᠠᠰᠤᠷᠴᠤ ᠪᠠᠶᠢᠬᠤ ᠬᠤᠷᠴᠠ ᠬᠢᠳᠤᠭ᠎ᠠ ᠪᠤᠶᠤ ᠲᠤᠩᠭᠤᠷᠠᠭ ᠢᠶᠠᠷ | ᠡᠪᠡᠳᠴᠢᠲᠡᠨ ᠤ ᠠᠶᠤᠤᠯᠢᠬᠠᠢ ᠶᠢᠨ ᠮᠦᠭᠡᠷᠰᠦ ᠠᠴᠠ ᠲᠤᠷᠤᠭᠰᠢ ᠬᠤᠶᠠᠷ ᠠᠯᠠᠭ᠎ᠠ ᠲᠡᠯᠭᠡᠵᠤ ᠪᠠᠭᠳᠠᠬᠤ ᠬᠡᠮᠵᠢᠶᠡᠨ ᠳᠤ ᠠᠷᠠᠰᠤᠨ ᠤ ᠬᠦᠷᠦᠰᠦ ᠳᠤ ᠬᠤᠷᠴᠠ | ᠮᠡᠰᠡ ᠶᠢᠨ ᠢᠷ ᠢᠶᠠᠷ ᠨᠢ ᠬᠦᠷᠭᠡᠵᠤ ᠲᠡᠮᠦᠷ ᠤᠨ ᠬᠠᠤᠷᠠᠢ ᠰᠢᠭ᠋ ᠭᠤᠷᠪᠠᠯᠵᠢᠨ ᠢᠶᠠᠷ ᠭᠡᠷ ᠤᠨ ᠬᠠᠭᠠᠯᠭᠠᠨ ᠤ ᠮᠤᠳᠤᠨ ᠤᠨᠢᠰᠦ ᠪᠠᠷ ᠮᠡᠰᠡ ᠶᠢᠨ ᠬᠡᠵᠢᠬᠡ ᠶᠢ ᠨᠢ | ᠲᠤᠭᠰᠢᠵᠤ ᠲᠤᠮᠨᠤᠨ᠎ᠠ᠃ ᠳᠤᠷᠭᠢᠭᠠᠬᠤ ᠲᠤᠮ ᠢ ᠬᠢᠬᠦ ᠳᠤ ᠪᠠᠨ ᠡᠪᠡᠳᠴᠢᠲᠡᠨ ᠢᠶᠠᠨ ᠲᠡᠭᠡᠭᠰᠢ ᠬᠠᠨᠳᠤᠭᠤᠯᠤᠨ ᠲᠦᠪ ᠬᠡᠪᠳᠡᠬᠦᠯᠵᠤ ᠬᠠᠪᠲᠠᠭᠠᠢ ᠮᠤᠳᠤ ᠶᠢ ᠬᠤᠶᠠᠷ | ᠬᠦᠯ ᠤᠨ ᠤᠯᠠ ᠳᠤ ᠨᠢ ᠨᠠᠭᠠᠯᠳᠤᠭᠤᠯᠵᠤ᠂ ᠲᠤᠷᠳᠤᠩ ᠪᠦᠰᠡ ᠪᠠᠷ ᠬᠤᠳᠠᠷᠭᠠᠯᠠᠨ᠂ ᠬᠤᠶᠠᠷ ᠭᠠᠷ ᠲᠤ ᠨᠢ ᠤᠷᠢᠶᠠᠨ ᠲᠡᠨᠢᠢᠲᠡᠯ᠎ᠡ ᠨᠢ ᠢᠰᠬᠦᠯᠦᠬᠦᠯᠵᠤ ᠪᠠᠶᠢᠭᠠᠳ | ᠬᠠᠪᠲᠠᠭᠠᠢ ᠮᠤᠳᠤᠨ ᠲᠡᠭᠡᠷ᠎ᠡ ᠨᠢ ᠴᠠᠢ ᠨᠦᠳᠦᠳᠡᠭ ᠰᠦᠭᠡ ᠪᠠᠷ ᠲᠡᠮ ᠲᠠᠢ ᠭᠤᠷᠪᠠ ᠴᠤᠬᠢᠵᠤ ᠲᠤᠷᠬᠢᠭᠠᠨ ᠲᠠᠬᠢᠨ ᠬᠠᠪᠲᠠᠭᠠᠢ ᠮᠤᠳᠤ ᠪᠠᠨ ᠪᠠᠷᠠᠭᠤᠨ ᠵᠡᠬᠦᠨ | ᠬᠠᠪᠢᠷᠭᠠᠨ ᠳᠤ ᠨᠢ ᠨᠠᠭᠠᠯᠳᠤᠭᠤᠯᠵᠤ ᠮᠤᠳᠤᠨ ᠲᠡᠭᠡᠷ᠎ᠡ ᠠᠴᠠ ᠮᠥᠨ ᠰᠦᠬᠡ ᠪᠠᠷ ᠨᠢᠭᠡ ᠴᠤᠬᠢᠵᠤ ᠲᠤᠷᠬᠢᠭᠠᠭᠠᠳ ᠲᠡᠬᠦᠰᠭᠡᠨᠡ᠃ ᠡᠨᠡ ᠨᠢ ᠤᠨᠠᠵᠤ ᠪᠡᠷᠲᠡᠭᠰᠡᠨ ᠢ | ᠲᠤᠷᠬᠢᠭᠠᠵᠤ ᠬᠤᠷᠠᠭᠰᠠᠨ ᠴᠢᠰᠤ ᠤᠰᠤ ᠶᠢ ᠨᠢ ᠰᠠᠷᠨᠢᠭᠤᠯᠵᠤ ᠪᠠᠶᠢᠭ᠎ᠠ ᠶᠤᠮ᠃ ᠴᠠᠭᠠᠨ ᠪᠠᠷᠢᠶ᠎ᠠ ᠪᠠᠷᠢᠬᠤ ᠳᠤ ᠪᠠᠨ ᠬᠡᠳᠡᠰᠦᠨ ᠲᠡᠭᠡᠷᠡᠬᠢ ᠠᠷᠢᠬᠢ ᠼᠤᠤ ᠪᠠᠷ | ᠲᠡᠪᠳᠦᠭᠡᠭᠰᠡᠨ ᠵᠤᠵᠠᠭᠠᠨ ᠨᠦᠢᠲᠠᠨ ᠴᠠᠭᠠᠰᠤᠨ ᠲᠡᠭᠡᠷ᠎ᠡ ᠨᠢ ᠤᠭᠤᠳᠠᠯᠠᠭᠰᠠᠨ ᠬᠠᠯᠠᠭᠤᠬᠠᠨ ᠪᠠᠷᠢᠶ᠎ᠠ ᠪᠠᠨ ᠲᠠᠯᠪᠢᠵᠤ ᠬᠦᠭᠡ ᠪᠦᠰᠡ ᠪᠠᠷ ᠤᠷᠢᠶᠠᠵᠤ ᠵᠤᠬᠢᠰᠲᠠᠢ ᠪᠠᠷ | ᠬᠤᠴᠢᠵᠤ ᠬᠤᠶᠠᠷ ᠴᠠᠭ ᠪᠠᠷᠢᠵᠤ᠂ ᠨᠢᠭᠡ ᠴᠠᠭ ᠤᠨ ᠲᠠᠷᠠᠭ᠎ᠠ ᠲᠦᠯᠦᠭᠡᠨ ᠬᠤᠨᠢᠨ ᠤ ᠭᠤᠤᠯ ᠮᠢᠬᠠᠨ ᠱᠦᠯᠦ ᠳᠤ ᠰᠤᠩᠬᠢᠨ᠎ᠠ ᠨᠡᠷᠡᠵᠤ᠂ ᠠᠭᠠᠷᠤ 35 ᠶᠢ | ᠲᠠᠷᠤᠭᠤᠯᠵᠤ ᠤᠤᠭᠤᠯᠭᠠᠨ ᠬᠦᠯᠦᠰᠦᠯᠡᠬᠦᠯᠦᠨᠡ᠃ ᠢᠩᠬᠢᠪᠡᠯ ᠡᠮ ᠱᠦᠯᠦ ᠤᠤᠭᠤᠭᠰᠠᠨ ᠡᠪᠡᠳᠴᠢᠲᠡᠨ ᠤ ᠪᠡᠶ᠎ᠡ ᠠᠴᠠ ᠬᠦᠯᠦᠰᠦ ᠴᠢᠬᠠᠷᠠᠨ ᠲᠤᠰᠤᠯᠠᠵᠤ ᠤᠨᠳᠠᠵᠤ | ᠠᠮᠠᠷᠠᠳᠠᠭ᠃ ᠪᠠᠷᠢᠭᠰᠠᠨ ᠪᠠᠷᠢᠶ᠎ᠠ ᠪᠠᠨ ᠠᠪᠬᠤ ᠳᠤ ᠪᠠᠨ ᠪᠦᠳᠦᠨ ᠬᠤᠶᠠᠷ ᠴᠠᠭ ᠪᠤᠯᠪᠠᠯ ᠡᠬᠦᠲᠡ ᠴᠤᠩᠬᠤ ᠪᠠᠨ ᠬᠠᠭᠠᠨ ᠰᠠᠯᠬᠢ ᠬᠠᠭᠠᠵᠤ ᠪᠤᠭᠤᠯᠲᠠ ᠪᠠᠨ ᠲᠠᠶᠢᠯᠵᠤ | ᠪᠠᠷᠢᠭᠰᠠᠨ ᠭᠡᠰᠡᠭ ᠤᠨ ᠤᠯᠠᠪᠤᠷ ᠬᠦᠷᠦᠰᠦᠨ ᠲᠡᠭᠡᠷ᠎ᠡ ᠨᠢ ᠰᠢᠷ᠎ᠠ ᠲᠤᠰᠤ ᠲᠦᠷᠬᠢᠵᠤ ᠬᠠᠭᠤᠷᠠᠢ ᠬᠤᠪᠴᠠᠰᠤ ᠪᠠᠷ ᠬᠤᠴᠢᠵᠤ ᠰᠤᠪᠢᠯᠠᠨ᠎ᠠ᠃ ᠡᠮᠴᠢᠯᠡᠬᠦ ᠳᠤ ᠪᠠᠨ | ᠽᠠᠨᠳᠠᠨ 3 ᠶᠢᠨ ᠲᠠᠩ᠂ ᠴᠢᠮᠡᠳ ᠮᠠᠷ ᠲᠠᠩ᠂ ᠱᠦᠩ ᠠᠭᠠᠷᠤ 8᠂ ᠠᠭᠠᠷᠤ 35᠂ ᠡᠯᠢᠭᠡᠨ ᠤ ᠬᠦᠷᠬᠦᠮ 13᠂ ᠴᠢᠯᠢᠰᠠᠨ᠂ ᠰᠠᠮᠫᠢᠯᠨᠤᠷᠪᠤ᠂ ᠵᠠᠴᠦ᠋ᠩ 13᠂ | ᠷᠠᠰᠢᠨᠠᠮᠵᠢᠯ᠂ ᠬᠡᠷᠪᠡ ᠴᠢᠰᠦ ᠬᠦᠭᠡᠷᠦᠯᠲᠡ ᠲᠠᠢ ᠪᠣᠯ ᠽᠠᠭᠠᠷ ᠮᠠᠷ ᠲᠠᠩ᠂ ᠴᠢᠰᠤᠨ ᠬᠢᠮᠤᠷᠠᠭ᠎ᠠ ᠶᠢᠨ ᠲᠠᠯᠬ᠎ᠠ ᠵᠡᠷᠭᠡ ᠶᠢ ᠵᠤᠬᠢᠰᠲᠠᠢ ᠤᠤᠭᠤᠯᠭᠠᠨ᠎ᠠ᠃ | ᠴᠠᠭᠠᠨ ᠪᠠᠷᠢᠶ᠎ᠠ ᠪᠠᠷᠢᠭᠤᠯᠤᠭᠰᠠᠨ ᠡᠪᠡᠳᠴᠢᠲᠡᠨ ᠢ ᠰᠤᠪᠢᠯᠠᠬᠤ ᠳᠤ ᠪᠠᠨ ᠬᠦᠨᠳᠦ ᠨᠦᠰᠡᠷ ᠲᠠᠭᠤ ᠴᠢᠮᠡᠭᠡ ᠪᠤᠶᠤ ᠬᠤᠯᠠᠭᠠᠢ ᠰᠠᠯᠬᠢᠨ ᠳᠤ ᠴᠤᠬᠢᠭᠤᠯᠬᠤ ᠦᠭᠡᠢ | ᠂ ᠲᠡᠷᠭᠡ ᠤᠨᠤᠭ᠎ᠠ ᠤᠨᠤᠬᠤ ᠦᠭᠡᠢ᠂ ᠤᠰᠤ ᠭᠤᠤᠯ ᠭᠠᠳᠤᠯᠬᠤ ᠦᠭᠡᠢ᠂ ᠲᠠᠭᠤᠤ ᠪᠦᠵᠢᠭ ᠤᠨ ᠲᠠᠯᠠᠪᠤᠷ ᠲᠤ ᠤᠷᠤᠯᠴᠠᠬᠤ ᠦᠭᠡᠢ᠂ ᠬᠤᠷᠢᠴᠠᠯ ᠤᠨ ᠠᠮᠢᠳᠤᠷᠠᠯ ᠢ | ᠴᠡᠭᠡᠷᠯᠡᠨ ᠨᠠᠮ ᠵᠢᠮ 21 ᠡᠳᠦᠷ ᠬᠤᠨᠤᠭ ᠰᠠᠭᠤᠵᠤ ᠬᠡᠪᠳᠡᠨ᠎ᠡ᠃ ᠰᠡᠷᠢᠬᠦᠨ ᠵᠦᠭᠡᠯᠡᠨ ᠬᠤᠭᠤᠯᠠ ᠤᠮᠳᠠ ᠤᠤᠭᠤᠵᠤ ᠢᠳᠡᠨ᠎ᠡ᠃ ᠦᠰᠦ ᠬᠢᠮᠤᠰᠤ ᠪᠠᠨ ᠠᠪᠬᠤ | ᠦᠭᠡᠢ᠂ ᠲᠠᠪᠤᠰᠤ ᠲᠠᠢ ᠤᠰᠤ ᠪᠠᠷ ᠬᠦᠯ ᠢᠶᠠᠨ ᠤᠬᠢᠶᠠᠵᠤ᠂ ᠲᠤᠬᠢᠲᠠᠢ ᠬᠤᠪᠴᠠᠰᠤ ᠬᠤᠨᠠᠷ ᠡᠮᠦᠰᠬᠦ ᠬᠡᠷᠡᠭᠲᠡᠢ᠃ | | ︽ᠤᠷᠠᠳ ᠲᠡᠤᠬᠡ ᠰᠤᠶᠤᠯ︾ ᠤᠨ ︵ᠲᠡᠭᠡᠳᠦ ᠲᠡᠪᠲᠡᠷ︶ ᠠᠴᠠ ᠪᠠᠭᠤᠯᠭᠠᠪᠠ |