ᠨᠢᠳᠤᠠ ᠤ ᠡᠷᠡᠭᠦᠯ ᠢ ᠪᠠᠳᠤᠯᠠᠬᠤ ᠲᠦᠭᠦᠮ ᠠᠷᠭ᠎ᠠ
ᠨᠡᠶᠢᠲᠡᠯᠡᠭᠰᠡᠨ ᠴᠠᠭ᠄
2024/5/29
     ᠬᠠᠯᠠᠭᠤᠨ ᠠᠯᠴᠢᠭᠤᠷ ᠢᠶᠠᠷ ᠵᠢᠩ ᠳᠠᠯᠪᠢᠵᠤ ᠪᠤᠯᠤᠨ᠎ᠠ᠃ ᠨᠢᠳᠤ ᠴᠢᠯᠡᠵᠤ ᠪᠠᠶᠢᠭ᠎ᠠ ᠨᠢ ᠭᠤᠤᠯᠳᠠᠭᠤ ᠨᠢᠳᠤᠨ ᠤ ᠤᠶᠢᠢᠷ᠎ᠠ ᠬᠠᠪᠢ ᠶᠢᠨ ᠴᠢᠰᠤᠨ ᠤ ᠡᠷᠬᠢᠯᠳᠠ ᠮᠠᠭᠤᠳᠠᠭᠰᠠᠨ ᠠᠴᠠ ᠰᠢᠯᠳᠠᠭᠠᠯᠠᠭᠳᠠᠳᠠᠭ᠃ ᠬᠠᠯᠠᠭᠤᠨ ᠵᠢᠩ ᠳᠠᠯᠪᠢᠬᠤ ᠨᠢ ᠴᠢᠰᠤᠨ ᠤ ᠡᠷᠬᠢᠯᠳᠠ ᠮᠠᠭᠤᠳᠠᠭᠰᠠᠨ ᠠᠴᠠ ᠰᠢᠯᠳᠠᠭᠠᠯᠠᠭᠳᠠᠳᠠᠭ᠃ ᠬᠠᠯᠠᠭᠤᠨ ᠵᠢᠩ ᠳᠠᠯᠪᠢᠬᠤ ᠨᠢ ᠴᠢᠰᠤᠨ ᠤ ᠡᠷᠬᠢᠯᠳᠠ ᠶᠢ ᠰᠠᠶᠢᠵᠢᠷᠠᠭᠤᠯᠵᠤ᠂ ᠨᠢᠳᠤᠨ ᠤ ᠤᠶᠢᠢᠷ᠎ᠠ ᠬᠠᠪᠢ ᠳᠠᠬᠢ ᠪᠤᠯᠴᠢᠷᠬᠠᠢ ᠶᠢᠨ ᠠᠵᠢᠯᠯᠠᠭ᠎ᠠ ᠶᠢ ᠰᠠᠶᠢᠵᠢᠷᠠᠭᠤᠯᠵᠤ ᠴᠢᠳᠠᠳᠠᠭ᠃      ᠨᠢᠳᠤᠨ ᠳᠤ ᠳᠤᠰᠤᠭᠠᠬᠤ ᠳᠤᠬᠢᠷᠠᠮᠵᠢᠳᠠᠢ ᠡᠮ ᠢ ᠬᠡᠷᠡᠭᠯᠡᠵᠤ ᠪᠤᠯᠤᠨ᠎ᠠ᠃ ᠦᠪᠡᠷ ᠤᠨ ᠤᠨᠴᠠᠯᠢᠬ ᠲᠠᠭᠠᠨ ᠳᠤᠬᠢᠷᠠᠭᠰᠠᠨ ᠨᠢᠳᠤᠨ ᠳᠤ ᠳᠤᠰᠤᠭᠠᠬᠤ ᠡᠮ ᠢ ᠰᠤᠩᠭᠤᠨ ᠬᠡᠷᠡᠭᠯᠡᠵᠤ ᠪᠤᠯᠤᠨ᠎ᠠ᠂ ᠨᠢᠳᠤ ᠶᠢ ᠤᠰᠤᠯᠢᠬ ᠪᠤᠯᠭᠠᠬᠤ ᠵᠡᠷᠬᠡ ᠤᠯᠠᠨ ᠵᠦᠢᠯ ᠤᠨ ᠤᠶᠢᠢᠯᠡᠳᠤᠯ ᠲᠠᠢ ᠨᠢᠳᠤᠨ ᠡᠮ ᠪᠠᠶᠢᠳᠠᠭ᠃ ᠬᠡᠪᠡᠴᠤ ᠡᠳᠤᠷ ᠪᠦᠷᠢ ᠶᠢᠨ ᠳᠤᠰᠤᠭᠠᠬᠤ ᠳᠤᠭ᠎ᠠ ᠪᠠ ᠬᠡᠮᠵᠢᠶ᠎ᠠ ᠶᠢ ᠵᠤᠬᠢᠰᠳᠠᠢ ᠪᠠᠶᠢᠯᠭᠠᠵᠤ᠂ ᠡᠮ ᠳᠤ ᠬᠡᠳᠤᠷᠬᠡᠢ ᠳᠦᠰᠢᠭᠯᠡᠵᠤ ᠪᠤᠯᠬᠤ ᠦᠬᠡᠢ᠃     ᠦᠷᠬᠦᠯᠵᠢ ᠨᠤᠭᠤᠭᠠᠨ ᠴᠠᠢ ᠤᠤᠭᠤᠵᠤ ᠪᠠᠶᠢᠪᠠᠯ ᠨᠢᠳᠤᠨ ᠳᠤ ᠰᠠᠶᠢᠨ ᠪᠠᠶᠢᠳᠠᠭ᠃ ᠴᠠᠢ ᠶᠢᠨ ᠨᠠᠪᠴᠢᠨ ᠳᠤ ᠡᠯᠪᠡᠭ ᠪᠦᠬᠦᠢ ᠬᠤᠯᠤᠤᠪᠠᠨᠭ᠌ ᠤᠨ ᠡᠳ᠋ ᠠᠭᠤᠯᠤᠭᠳᠠᠵᠤ᠂ ᠬᠦᠮᠤᠨ ᠤ ᠪᠠᠶᠠᠨ ᠳᠤ ᠤᠷᠤᠪᠠᠯ ᠸᠢᠲ᠋ᠠᠮᠢᠨ A ᠪᠤᠯᠵᠤ ᠬᠤᠪᠢᠷᠠᠳᠠᠭ᠂ ᠡᠨᠡ ᠨᠢ ᠦᠷᠬᠦᠯᠵᠢ ᠺᠤᠮᠫᠢᠦ᠋ᠲ᠋ᠧᠷ ᠤᠨ ᠡᠮᠤᠨ᠎ᠠ ᠠᠵᠢᠯᠯᠠᠳᠠᠭ ᠬᠦᠮᠤᠨ ᠳᠤ ᠡᠷᠡᠬᠦᠯᠵᠢᠯ ᠤᠨ ᠤᠶᠢᠢᠯᠡᠳᠤᠯ ᠲᠠᠢ ᠪᠠᠶᠢᠳᠠᠭ᠃ ᠡᠪᠰᠢᠶᠠᠬᠦ ᠪᠠ ᠬᠦᠴᠢᠯᠯᠢᠭ ᠴᠢᠪᠠᠭ᠎ᠠ ᠢᠳᠡᠬᠦ ᠨᠢ ᠨᠢᠳᠤᠨ ᠤ ᠵᠦᠳᠡᠷᠡᠭᠡ ᠶᠢ ᠨᠠᠮᠳᠠᠭᠤᠯᠳᠠᠭ᠃ ᠡᠪᠰᠢᠶᠡᠬᠦ ᠦᠶᠡᠰ ᠲᠤ ᠨᠢᠳᠤᠨ ᠠᠴᠠ ᠨᠢᠯᠪᠤᠰᠤ ᠭᠠᠷᠳᠠᠭ ᠪᠤᠯᠬᠤᠷ ᠡᠪᠰᠢᠶᠠᠬᠦ ᠨᠢ ᠪᠠᠰᠠ ᠨᠢᠳᠤᠨ ᠳᠤ ᠡᠳᠤᠢ ᠳᠡᠳᠤᠢ ᠡᠷᠡᠬᠦᠯᠵᠢᠯ ᠤᠨ ᠤᠶᠢᠢᠯᠡᠳᠤᠯ ᠲᠠᠢ ᠃ ᠵᠠᠷᠢᠮ ᠬᠦᠮᠤᠨ ᠤ ᠰᠠᠨᠠᠭᠤᠯᠬᠤ ᠪᠠᠷ ᠬᠦᠴᠢᠯᠯᠢᠭ ᠢᠳᠡᠬᠡᠨ ᠡᠮᠬᠦᠵᠤ ᠶᠠᠪᠤᠪᠠᠯ ᠪᠠᠰᠠ ᠠᠮᠠᠷᠬᠠᠨ ᠨᠢᠯᠪᠤᠰᠤ ᠭᠠᠷᠳᠠᠭ ᠳᠤᠯᠠ ᠡᠨᠡ ᠠᠷᠭ᠎ᠠ ᠶᠢ ᠰᠤᠩᠭᠤᠵᠤ ᠪᠤᠯᠤᠨ᠎ᠠ᠃ ᠨᠢᠳᠤ ᠡᠷᠡᠬᠦᠯᠵᠢᠬᠦᠯᠬᠦ ᠳᠠᠮᠢᠷ ᠬᠢᠵᠤ ᠪᠤᠯᠤᠨ᠎ᠠ᠃ ᠡᠨᠡ ᠨᠢ ᠮᠦᠨᠴᠤ ᠨᠢᠳᠤᠨ ᠤ ᠤᠶᠢᠢᠷ᠎ᠠ ᠬᠠᠪᠢ ᠶᠢᠨ ᠴᠢᠰᠤᠨ ᠰᠤᠳᠠᠯ ᠤᠨ ᠡᠷᠬᠢᠯᠳᠠ ᠶᠢ ᠰᠠᠶᠢᠵᠢᠷᠠᠭᠤᠯᠵᠤ ᠨᠢᠳᠤ ᠴᠢᠯᠡᠬᠦ ᠪᠠᠶᠢᠳᠠᠯ ᠢ ᠨᠠᠮᠳᠠᠭᠤᠯᠵᠤ ᠳᠠᠶᠢᠯᠳᠡᠭ᠃     ᠨᠢᠳᠤ ᠪᠠᠨ ᠬᠠᠮᠠᠭᠠᠯᠠᠬᠤ ᠤᠸ᠎ᠠ ᠬᠡᠷᠡᠭᠯᠡᠵᠤ ᠪᠤᠯᠤᠨ᠎ᠠ᠃ ᠨᠢᠳᠤ ᠬᠡᠳᠤᠷᠬᠡᠢ ᠴᠢᠯᠡᠬᠦ ᠪᠤᠶᠤ ᠤᠷᠳᠤ ᠬᠤᠭᠤᠴᠠᠭ᠎ᠠ ᠴᠢᠯᠡᠬᠦ ᠪᠠᠶᠢᠳᠠᠯ ᠳᠤ ᠤᠷᠤᠰᠢᠪᠠᠯ ᠠᠮᠠᠷᠬᠠᠨ ᠦᠡᠭᠬᠡ ᠬᠡᠷᠡᠯ ᠦᠬᠡᠢ ᠪᠤᠯᠵᠤ ᠠᠳᠤᠷᠢᠶ᠎ᠠ ᠰᠠᠭᠤᠳᠠᠭ ᠶᠤᠮ᠃ ᠡᠶᠢᠮᠤ ᠠᠴᠠ ᠳᠤᠬᠢᠷᠠᠮᠵᠢᠳᠠᠢ ᠨᠢᠳᠤᠨ ᠤ ᠤᠸ᠎ᠠ ᠰᠤᠩᠭᠤᠨ ᠬᠡᠷᠡᠭᠯᠡᠵᠤ ᠪᠤᠯᠤᠨ᠎ᠠ᠃ ᠴᠡᠪᠡᠷᠬᠡᠨ ᠪᠦᠯᠢᠶᠡᠨ ᠤᠰᠤ ᠪᠠᠷ ᠨᠢᠳᠤ ᠪᠠᠨ ᠤᠬᠢᠶᠠᠵᠤ ᠪᠤᠯᠤᠨ᠎ᠠ᠃ ᠡᠬᠦᠨ ᠳᠤ ᠵᠠᠪᠠᠯ ᠤᠰᠤ ᠨᠢ ᠳᠤᠩᠭᠠᠯᠠᠭ ᠴᠡᠪᠡᠷ ᠪᠠᠶᠢᠬᠤ ᠶᠢ ᠪᠠᠳᠤᠯᠠᠬᠤ ᠬᠡᠷᠡᠭᠳᠡᠢ᠃    
ᠢᠷᠡᠯᠲᠡ᠄ ᠳᠠᠯᠠᠳ ᠬᠤᠰᠢᠭᠤᠨ ᠤ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ