ᠬᠦᠮᠦᠨ ᠤ ᠪᠡᠶ᠎ᠡ ᠶᠢᠨ ᠨᠢᠭᠤᠴᠠ
ᠨᠡᠶᠢᠲᠡᠯᠡᠭᠰᠡᠨ ᠴᠠᠭ᠄
2024/5/29
      ᠬᠦᠮᠦᠨ ᠤᠷᠤᠰᠢᠨ ᠠᠮᠢᠳᠤᠷᠠᠬᠤ ᠴᠢᠳᠠᠪᠤᠷᠢ ᠲᠤᠩ ᠴᠢᠩᠭ᠎ᠠ ᠪᠠᠶᠢᠳᠠᠭ᠃ ᠳᠡᠯᠢᠭᠦᠦ᠂ ᠬᠤᠳᠤᠭᠤᠳᠤ᠂ ᠨᠢᠭᠡ ᠬᠠᠷ᠎ᠠ ᠪᠥᠭᠡᠷ᠎ᠡ᠂ ᠨᠢᠭᠡ ᠭᠡᠰᠡᠭ ᠠᠭᠤᠰᠬᠢ᠂ 75 % ᠶᠢᠨ ᠡᠯᠢᠭᠡ᠂ 80 % ᠶᠢᠨ ᠭᠡᠳᠡᠰᠦ᠂ ᠲᠡᠷᠡᠴᠢᠯᠡᠨ ᠠᠭᠠᠷᠴᠠᠭ ᠪᠤᠯᠤᠨ ᠴᠠᠪᠢ ᠶᠢᠨ ᠲᠤᠲᠤᠷᠠᠬᠢ ᠪᠦᠬᠦ ᠡᠷᠭᠡᠲᠡᠨ ᠢ ᠤᠭᠲᠤᠴᠢᠨ ᠠᠪᠤᠭᠰᠠᠨ ᠴᠤ ᠬᠦᠮᠦᠨ ᠮᠥᠨ ᠯᠡ ᠠᠮᠢᠳᠤᠷᠠᠵᠦ ᠳᠡᠶᠢᠯᠳᠡᠭ᠃       ᠬᠦᠮᠦᠨ ᠥᠷᠯᠦᠭᠡᠭᠦᠷ ᠬᠠᠭᠠᠰ ᠢᠨᠴ ᠥᠰᠲᠡᠭ᠃ ᠤᠷᠤᠢ ᠤᠨᠲᠠᠬᠤ ᠦᠶ᠎ᠡ ᠳᠤ ᠨᠢᠷᠤᠭᠤᠨ ᠶᠠᠰᠤᠨ ᠤ ᠵᠠᠪᠰᠠᠷ ᠲᠠᠬᠢ ᠰᠢᠩᠭᠡᠨ ᠡᠳ᠋ ᠨᠢ ᠳᠠᠰᠤᠷᠠᠯᠲᠠ ᠦᠭᠡᠢ ᠨᠥᠬᠦᠪᠦᠷᠢᠯᠡᠭᠳᠡᠭᠡᠳ ᠭᠠᠷ ᠬᠦᠯ ᠳᠤᠨᠢ ᠬᠦᠷᠳᠡᠭ᠃ ᠲᠡᠶᠢᠮᠦ ᠠᠴᠠ ᠥᠷᠯᠦᠭᠡ ᠰᠡᠷᠢᠬᠦ ᠦᠶ᠎ᠡ ᠳᠤ ᠪᠠᠶ᠎ᠡ ᠨᠢ ᠬᠠᠭᠠᠰ ᠢᠨᠴ ᠦᠨᠳᠦᠷ ᠪᠤᠯᠤᠭᠰᠠᠨ ᠪᠠᠶᠢᠳᠠᠭ ︵ᠪᠠᠷᠤᠭ 1.27 ᠰᠡᠨᠲ᠋ᠢᠮᠧᠳ᠋ᠷ ᠦᠰᠦᠨ᠎ᠡ︶᠃ ᠵᠠᠯᠭᠠᠭᠠᠳ ᠡᠳᠦᠷ ᠨᠢ ᠵᠠᠮ ᠬᠥᠭᠡᠭᠡᠵᠦ᠂ ᠠᠵᠢᠯᠯᠠᠬᠤ ᠦᠶ᠎ᠡ ᠳᠤ ᠪᠡᠶ᠎ᠡ ᠶᠢᠨ ᠲᠠᠷᠣᠯᠲᠠ ᠠᠴᠠ ᠪᠤᠯᠤᠭᠠᠳ ᠨᠢᠷᠤᠭᠤᠨ ᠶᠠᠰᠤ ᠨᠢ ᠳᠠᠰᠤᠷᠠᠯᠲᠠ ᠦᠭᠡᠢ ᠠᠪᠴᠢᠨ ᠭᠦᠢᠴᠡᠳ ᠬᠠᠩᠭᠠᠭᠳᠠᠭᠰᠠᠨ ᠪᠡᠶ᠎ᠡ ᠶᠢᠨ ᠰᠢᠩᠭᠡᠨ ᠡᠳ᠋ ᠢᠶᠠᠨ ᠲᠠᠬᠢᠨᠲᠠ ᠨᠡᠪᠴᠢᠭᠦᠯᠦᠨ ᠭᠠᠷᠭᠠᠳᠠᠭ ᠪᠤᠯᠬᠤᠷ ᠬᠦᠮᠦᠨ ᠤ ᠪᠡᠶ᠎ᠡ ᠶᠢᠨ ᠦᠨᠳᠦᠷ ᠨᠢ ᠡᠭᠦᠨ ᠢ ᠳᠠᠭᠠᠯᠳᠤᠨ ᠪᠠᠭᠤᠷᠠᠳᠠᠭ ᠪᠠᠶᠢᠨ᠎ᠠ᠃      ᠬᠦᠮᠦᠨ ᠤ ᠠᠭᠤᠰᠬᠢᠨ ᠤ ᠵᠡᠭᠦᠨ ᠳᠠᠯᠪᠢ ᠨᠢ ᠠᠭᠤᠰᠬᠢᠨ ᠤ ᠪᠠᠷᠠᠭᠤᠨ ᠳᠠᠯᠪᠢ ᠠᠴᠠ ᠪᠠᠨ ᠪᠠᠭ᠎ᠠ ᠪᠠᠶᠢᠳᠠᠭ᠃ ᠬᠦᠮᠦᠨ ᠤ ᠵᠢᠷᠦᠬᠡ ᠵᠡᠭᠦᠨ ᠠᠭᠤᠰᠬᠢᠨ ᠤ ᠳᠤᠤᠷᠠᠳᠤ ᠲᠠᠯ᠎ᠠ ᠳᠤ ᠪᠠᠶᠢᠳᠠᠭ ᠪᠤᠯᠬᠤᠷ ᠵᠡᠭᠦᠨ ᠪᠠᠷᠠᠭᠤᠨ ᠠᠭᠤᠰᠬᠢ ᠨᠢ ᠶᠡᠭᠡ ᠪᠠᠭ᠎ᠠ ᠶᠢᠨ ᠵᠦᠷᠢᠶ᠎ᠡ ᠲᠠᠢ ᠪᠠᠶᠢᠳᠠᠭ᠃ ᠠᠭᠤᠰᠬᠢᠨ ᠤ ᠵᠡᠭᠦᠨ ᠲᠠᠯᠪᠢ ᠨᠢ ᠠᠭᠤᠰᠬᠢᠨ ᠤ ᠪᠠᠷᠠᠭᠤᠨ ᠳᠠᠯᠪᠢ ᠠᠴᠠ ᠪᠠᠨ ᠵᠢᠭᠠᠬᠠᠨ ᠪᠠᠭ᠎ᠠ ᠪᠠᠶᠢᠳᠠᠭ᠃      ᠡᠭᠦᠨ ᠠᠴᠠ ᠭᠠᠳᠠᠨ᠎ᠠ ᠬᠦᠮᠦᠨ ᠤ ᠪᠡᠶ᠎ᠡ ᠳᠤ ᠪᠠᠰᠠ ᠪᠠᠭ᠎ᠠ ᠰᠠᠭ᠎ᠠ ᠰᠤᠨᠢᠷᠬᠠᠯᠲᠠᠢ ᠦᠵᠡᠭᠳᠡᠯ ᠪᠠᠶᠢᠳᠠᠭ᠂ ᠳᠤᠬᠠᠶᠢᠯᠠᠪᠠᠯ᠄      ☆ ᠬᠦᠮᠦᠨ ᠤ ᠬᠤᠶᠠᠷ ᠨᠢᠳᠤᠷᠭ᠎ᠠ ᠶᠢᠨ ᠲᠤᠭᠤᠷᠢᠭ ᠤᠨ ᠤᠷᠲᠤ ᠨᠢ ᠬᠦᠵᠦᠭᠦᠨ ᠤ ᠲᠤᠭᠤᠷᠢᠭ ᠤᠨ ᠤᠷᠲᠤ ᠲᠠᠢ ᠲᠡᠩᠴᠡᠨ᠎ᠡ᠃      ☆ ᠬᠦᠮᠦᠨ ᠤ ᠵᠡᠭᠦᠨ ᠪᠠᠷᠠᠭᠤᠨ ᠬᠠᠮᠠᠷ ᠤᠨ ᠨᠥᠬᠡ ᠭᠤᠷᠪᠠᠨ ᠴᠠᠭ ᠲᠤ ᠨᠢᠭᠡ ᠤᠳᠠᠭ᠎ᠠ ᠭᠡᠯᠵᠢᠯᠡᠨ ᠠᠮᠢᠰᠬᠤᠳᠠᠭ᠃ ᠡᠭᠦᠨ ᠢ ᠲᠠᠭᠰᠢᠭᠤᠷ ᠬᠦᠷᠦᠭᠰᠡᠨ ᠦᠶ᠎ᠡ ᠳᠤ ᠰᠠᠶ᠋ᠢ ᠤᠯᠵᠤ ᠮᠡᠳᠡᠳᠡᠭ ᠶᠤᠮ ᠰᠢᠦ᠃     ☆ ᠬᠦᠮᠦᠨ ᠤ ᠭᠡᠳᠡᠰᠦᠨ ᠤ ᠤᠷᠲᠤ ᠨᠢ ᠪᠡᠶ᠎ᠡ ᠶᠢᠨ ᠦᠨᠳᠦᠷ ᠤᠨ ᠢᠶᠠᠨ 4 — 5 ᠳᠠᠬᠢᠨ ᠪᠠᠶᠢᠳᠠᠭ᠃     ☆ ᠬᠦᠮᠦᠨ ᠤ ᠴᠢᠰᠤᠨ ᠤ ᠡᠷᠬᠢᠯᠲᠡ ᠨᠢᠭᠡ ᠤᠳᠠᠭ᠎ᠠ ᠶᠠᠪᠤᠭᠳᠠᠬᠤ ᠳᠤ ᠬᠤᠷᠢᠬᠠᠨ ᠰᠧᠺᠦ᠋ᠨ᠋ᠳ᠋ ᠯᠡ ᠬᠡᠷᠡᠭᠰᠡᠳᠡᠭ᠃     ☆ ᠬᠦᠮᠦᠨ ᠤ ᠴᠢᠰᠤᠨ ᠰᠣᠳᠠᠯ ᠨᠢ ᠳᠡᠯᠡᠬᠡᠢ ᠶᠢᠨ ᠪᠥᠮᠪᠦᠷᠴᠡᠭ ᠢ ᠬᠤᠶᠠᠷ ᠤᠷᠢᠶᠠᠵᠤ ᠳᠡᠶᠢᠯᠬᠦ ᠬᠡᠮᠵᠢᠶ᠎ᠡ ᠲᠠᠢ ᠤᠷᠲᠤ ᠪᠠᠶᠢᠳᠠᠭ᠃     ☆ ᠬᠦᠮᠦᠨ ᠤ ᠶᠡᠭᠡ ᠳᠠᠷᠢᠬᠢᠨ ᠤ ᠴᠡᠭᠡᠵᠢᠯᠡᠬᠦ ᠴᠢᠳᠠᠪᠤᠷᠢ ᠨᠢ 4G ᠪᠠᠭᠲᠠᠭᠠᠮᠵᠢ ᠪᠦᠬᠦᠢ ᠺᠤᠮᠫᠢᠦ᠋ᠲ᠋ᠧᠷ ᠲᠠᠢ ᠠᠳᠠᠯᠢ ᠪᠠᠶᠢᠳᠠᠭ᠃     ☆ ᠬᠦᠮᠦᠨ ᠤ ᠵᠡᠭᠦᠨ ᠴᠢᠬᠢ ᠨᠢ ᠪᠠᠷᠠᠭᠤᠨ ᠲᠠᠷᠢᠬᠢᠨ ᠳᠤ ᠵᠠᠬᠢᠷᠤᠭᠳᠠᠵᠤ᠂ ᠪᠠᠷᠠᠭᠤᠨ ᠲᠠᠷᠢᠬᠢ ᠨᠢ ᠰᠡᠳᠬᠢᠯᠭᠡ ᠶᠢ ᠡᠵᠡᠮᠳᠡᠵᠦ ᠪᠠᠶᠢᠳᠠᠭ ᠪᠤᠯᠬᠤᠷ ᠵᠡᠭᠦᠨ ᠴᠢᠬᠢ ᠨᠢ ᠤᠷᠠᠨ ᠵᠥᠭᠡᠯᠡᠨ ᠦᠭᠡ ᠶᠢ ᠰᠤᠨᠤᠰᠬᠤ ᠲᠠᠯ᠎ᠠ ᠪᠠᠷ ᠪᠠᠷᠠᠭᠤᠨ ᠴᠢᠬᠢ ᠠᠴᠠ ᠪᠠᠨ ᠰᠤᠷᠭᠤᠭ ᠪᠠᠶᠢᠳᠠᠭ᠃     ☆ ᠪᠠᠯᠠᠷ ᠡᠷᠲᠡᠨ ᠤ ᠠᠵᠢᠯ ᠤᠨ ᠬᠤᠪᠢᠶᠠᠷᠢ ᠶᠢᠨ ᠦᠶ᠎ᠡ ᠳᠤ ᠪᠦᠰᠡᠭᠦᠢ ᠬᠦᠮᠦᠨ ᠤ ᠬᠠᠷᠠᠭ᠎ᠠ ᠨᠢ ᠪᠦᠰᠡᠲᠠᠢ ᠬᠦᠮᠦᠨ ᠤ ᠬᠢ ᠠᠴᠠ 6 ᠳᠠᠬᠢᠨ ᠬᠤᠯᠠ ᠶᠢ ᠬᠠᠷᠠᠳᠠᠭ᠂ ᠪᠦᠰᠡᠲᠠᠢ ᠬᠦᠮᠦᠨ ᠨᠢᠭᠡ ᠯᠡ ᠶᠠᠭᠤᠮᠠᠨ ᠳᠤ ᠬᠠᠷᠠᠭ᠎ᠠ ᠪᠠᠨ ᠲᠥᠪᠯᠡᠷᠡᠭᠦᠯᠳᠡᠭ ᠪᠤᠯᠬᠤᠷ ᠨᠡᠩ ᠬᠤᠯᠠ ᠶᠢ ᠬᠠᠷᠠᠳᠠᠭ ᠪᠤᠯᠪᠠᠴᠤ ᠪᠦᠰᠡᠭᠦᠢ ᠬᠦᠮᠦᠨ ᠤ ᠬᠢ ᠰᠢᠭ ᠳᠦᠷᠪᠡᠨ ᠵᠦᠭ ᠨᠠᠢᠮᠠᠨ ᠵᠤᠪᠬᠢᠰ ᠢ ᠬᠠᠷᠠᠬᠤ ᠥᠷᠭᠡᠨ ᠬᠠᠷᠠᠭ᠎ᠠ ᠦᠭᠡᠢ ᠪᠠᠶᠢᠳᠠᠭ᠃      ☆ ᠬᠦᠮᠦᠨ ᠤ ᠤᠶᠤᠨ ᠤᠬᠠᠭᠠᠨ ᠪᠡᠶ᠎ᠡ ᠮᠠᠬᠠᠪᠤᠳ ᠠᠴᠠ ᠪᠠᠨ ᠤᠳᠠᠭᠠᠨ ᠥᠲᠡᠯᠳᠡᠭ᠃      ☆ ᠬᠦᠮᠦᠨ ᠨᠠᠶᠢᠲᠠᠭᠠᠬᠤ ᠦᠶ᠎ᠡ ᠳᠤ ᠨᠢᠲᠤ ᠪᠠᠨ ᠨᠡᠭᠡᠭᠡᠬᠦ ᠶᠢᠨ ᠠᠷᠭ᠎ᠠ ᠦᠭᠡᠢ ᠪᠠᠶᠢᠳᠠᠭ᠃      ☆ ᠬᠦᠮᠦᠨ ᠤ ᠡᠷᠡᠬᠡᠢ ᠬᠤᠷᠤᠭᠤᠨ ᠤ ᠬᠢᠮᠦᠰᠤ ᠬᠠᠮᠤᠭ ᠤᠨ ᠤᠳᠠᠭᠠᠨ ᠤᠷᠭᠤᠵᠦ᠂ ᠳᠤᠮᠳᠠ ᠬᠤᠷᠤᠭᠤᠨ ᠤ ᠬᠢᠮᠦᠰᠤ ᠨᠢ ᠬᠠᠮᠤᠭ ᠤᠨ ᠬᠤᠷᠳᠤᠨ ᠤᠷᠭᠤᠳᠠᠭ᠃      ☆ ᠲᠥᠷᠥᠬᠦ ᠦᠶ᠎ᠡ ᠳᠡᠭᠡᠨ ᠬᠦᠮᠦᠨ ᠤ ᠨᠢᠲᠤ ᠬᠡᠳᠦᠢ ᠲᠤᠮᠤ ᠪᠠᠶᠢᠭᠰᠠᠨ ᠪᠤᠯ ᠤᠳᠤ ᠪᠠᠰᠠ ᠯᠡ ᠲᠡᠳᠦᠢ ᠲᠤᠮᠤ ᠪᠠᠶᠢᠬᠤ ᠶᠤᠰᠤᠲᠠᠢ᠃ ᠭᠡᠳᠡᠯ᠎ᠡ ᠬᠠᠮᠠᠷ ᠪᠤᠯᠤᠨ ᠴᠢᠬᠢ ᠨᠢ ᠬᠠᠷᠢᠨ ᠥᠰᠦᠭᠰᠡᠭᠡᠷ ᠯᠡ ᠪᠠᠶᠢᠳᠠᠭ᠃      ☆ ᠬᠦᠮᠦᠨ ᠤ ᠬᠡᠯᠡᠨ ᠤ ᠬᠡ ᠨᠢ ᠬᠤᠷᠤᠭᠤᠨ ᠤ ᠪᠠᠨ ᠭᠡ ᠲᠠᠢ ᠠᠳᠠᠯᠢ ᠪᠠᠶᠢᠳᠠᠭ ᠪᠠ ᠬᠦᠮᠦᠨ ᠪᠤᠯᠭᠠᠨ ᠤ ᠬᠢ ᠠᠳᠠᠯᠢ ᠦᠭᠡᠢ ᠪᠠᠶᠢᠳᠠᠭ᠃      ☆ ᠰᠠᠷᠠ ᠬᠡᠷᠪᠡ ᠬᠦᠮᠦᠨ ᠤ ᠠᠰ ᠳᠡᠭᠡᠷ᠎ᠡ ᠠᠴᠠ ᠲᠤᠰᠬᠤ ᠳᠤ ᠬᠦᠷᠪᠡᠯ ᠬᠦᠮᠦᠨ ᠤ ᠪᠡᠶ᠎ᠡ ᠶᠢᠨ ᠬᠥᠨᠳᠦ ᠶᠠᠯᠢᠮ ᠦᠭᠡᠢ ᠬᠥᠩᠭᠡᠷᠡᠳᠡᠭ᠃    
ᠢᠷᠡᠯᠲᠡ᠄ ᠰᠢᠨᠵᠢᠯᠡᠬᠦ ᠣᠬᠠᠭᠠᠨ ᠠᠮᠢᠳᠣᠷᠠᠯ ᠰᠡᠳᠬᠦᠰᠢᠬᠢᠷᠯᠢᠭ ᠢᠳᠡᠭᠡᠨ ᠠᠴᠠ ᠵᠠᠶᠢᠯᠠᠬᠤ ᠭᠡᠳᠦᠨ ᠴᠠᠭ