︽ᠪᠠᠶᠠᠨᠨᠠᠭᠤᠷ︾ ᠬᠡᠭᠦ ᠬᠤᠲᠠ ᠶᠢᠨ ᠨᠡᠷ᠎ᠡ ᠶᠢᠨ ᠢᠷᠡᠯᠲᠠ
ᠨᠡᠶᠢᠲᠡᠯᠡᠭᠰᠡᠨ ᠴᠠᠭ᠄
2024/5/14
     ᠪᠠᠶᠠᠨᠨᠠᠭᠤᠷ ᠠᠶᠢᠮᠠᠭ ᠪᠠᠶᠢᠭᠤᠯᠤᠭᠳᠠᠬᠤ ᠦᠶᠡᠰ᠂ ᠠᠯᠠᠱᠠ᠂ ᠡᠵᠡᠨ᠎ᠡ ᠶᠢᠨ ᠲᠡᠤᠬᠡᠨ ᠪᠠᠶᠢᠳᠠᠯ᠂ ᠭᠠᠵᠠᠷ ᠵᠦᠢ ᠶᠢᠨ ᠤᠨᠴᠠᠯᠢᠭ ᠢ ᠬᠠᠷᠠᠭᠠᠯᠵᠠᠵᠤ ︽ᠪᠠᠶᠠᠨᠨᠠᠭᠤᠷ︾ ᠭᠡᠵᠤ ᠨᠡᠷᠡᠶᠢᠳᠦᠭᠰᠡᠨ ᠶᠤᠮ᠃      1956 ᠣᠨ ᠳᠤ ᠠᠯᠠᠱᠠ᠂ ᠡᠵᠡᠨ᠎ᠡ ᠬᠤᠶᠠᠷ ᠬᠤᠰᠢᠭᠤ ᠬᠢᠭᠡᠳ ᠳ᠋ᠧᠩᠺᠸᠤ ᠰᠢᠶᠠᠨ ᠭᠤᠷᠪᠠᠭᠤᠯᠠ ᠶᠢ ᠨᠢᠭᠡ ᠵᠸᠤ ᠪᠤᠯᠭᠠᠵᠤ᠂ ᠪᠠᠶᠠᠨᠬᠤᠳᠠ ᠶᠢᠨ ᠮᠤᠩᠭᠤᠯ ᠦᠨᠳᠤᠰᠤᠳᠡᠨ ᠤ ᠦᠪᠡᠷᠳᠡᠭᠡᠨ ᠵᠠᠰᠠᠬᠤ ᠵᠸᠤ ᠭᠡᠮᠡᠭᠡᠳ ᠳ᠋ᠠᠨᠢᠽᠠᠨ᠎ᠠ ᠶᠢ ᠵᠸᠤ ᠶᠢᠨ ᠲᠠᠷᠤᠭ᠎ᠠ᠂ ᠯᠾᠠᠸᠠᠩᠵᠠᠪ ᠢ ᠲᠡᠳ᠋ ᠲᠠᠷᠤᠭ᠎ᠠ ᠪᠠᠷ ᠲᠤᠮᠢᠯᠠᠪᠠ᠃ 1956 ᠤᠨ ᠤ ᠡᠴᠤᠰ ᠪᠤᠯᠤᠨ 1957 ᠤᠨ ᠤ ᠡᠬᠢ ᠪᠠᠷ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠳᠤ ᠬᠠᠷᠢᠶᠠᠯᠠᠭᠳᠠᠬᠤ ᠪᠡᠯᠡᠳᠬᠡᠯ ᠠᠵᠢᠯ ᠢ ᠭᠠᠷᠳᠠᠨ ᠬᠢᠵᠤ᠂ ᠲᠠᠷᠢᠵᠢᠶᠠ᠂ ᠯᠾᠠᠸᠠᠩᠵᠠᠪ ᠨᠠᠷ ᠲᠦᠯᠦᠬᠡᠯᠡᠭᠴᠢ ᠶᠢᠨ ᠲᠤᠭᠤᠢᠢᠯᠠᠩ ᠢᠶᠠᠨ ᠳᠠᠭᠠᠭᠤᠯᠵᠤ ᠬᠦᠬᠡᠬᠤᠳᠠ ᠳᠤ ᠢᠷᠡᠭᠡᠳ ᠤᠯᠠᠭᠠᠨᠬᠦᠤ ᠲᠡᠷᠢᠭᠦᠯᠡᠭᠴᠢ ᠪᠤᠯᠤᠨ ᠬᠠᠹᠦ᠋ᠩᠭ᠎ᠠ ᠳᠡᠳ᠋ ᠲᠡᠷᠢᠭᠦᠯᠡᠭᠴᠢ ᠵᠡᠷᠭᠡ ᠤᠯᠠᠨ ᠳᠠᠷᠤᠭ᠎ᠠ ᠨᠠᠷ ᠲᠠᠢ ᠠᠭᠤᠯᠵᠠᠭᠠᠳ ᠲᠦᠪ ᠤᠨ ᠪᠠ ᠤᠷᠤᠨ ᠤ ᠲᠤᠭᠲᠠᠭᠠᠯ ᠵᠢᠭᠠᠪᠦᠷᠢ ᠶᠢ ᠬᠦᠯᠢᠶᠡᠨ ᠠᠪᠴᠠᠢ᠃ ᠡᠬᠢᠯᠡᠬᠦ ᠳᠡᠭᠡᠨ ᠠᠶᠢᠮᠠᠭ ᠤᠨ ᠬᠡᠪᠴᠢᠶ᠎ᠠ ᠶᠢ ᠪᠠᠷᠠᠭᠤᠨ ᠭᠤᠷᠪᠠᠨ ᠬᠤᠰᠢᠭᠤ ᠪᠤᠯᠤᠨ ᠳ᠋ᠧᠩᠺᠸᠤ ᠰᠢᠶᠠᠨ ᠢᠶᠠᠷ ᠬᠢᠵᠠᠭᠠᠷᠯᠠᠵᠤ ᠠᠶᠢᠮᠠᠭ ᠤᠨ ᠲᠦᠪ ᠢ ᠳ᠋ᠧᠩᠺᠸᠤ ︵ᠤᠳᠤᠬᠢ ᠪᠠᠶᠠᠨᠭᠤᠤᠯ ᠪᠠᠯᠭᠠᠰᠤ︶ ᠳᠤ ᠲᠠᠯᠪᠢᠪᠠ᠃ ᠲᠡᠮᠡᠢ ᠤᠳᠠᠯ ᠦᠭᠡᠢ᠂ ᠤᠷᠠᠳ ᠤᠨ ᠭᠤᠷᠪᠠᠨ ᠬᠤᠰᠢᠭᠤ ᠪᠤᠯᠤᠨ ᠡᠾᠧ ᠲᠤᠤ ︵ᠪᠤᠷᠤᠳᠤᠬᠤᠢ︶ ᠤᠷᠤᠨ ᠢ ᠪᠠᠶᠠᠨᠨᠠᠭᠤᠷ ᠠᠶᠢᠮᠠᠭ ᠲᠤ ᠤᠷᠤᠭᠤᠯᠵᠤ ᠠᠶᠢᠮᠠᠭ ᠤᠨ ᠲᠦᠪ ᠢ ᠯᠢᠨ ᠾᠧ ᠳᠤ ᠰᠢᠯᠵᠢᠭᠦᠯᠪᠠ᠃     ᠲᠤᠰ ᠠᠶᠢᠮᠠᠭ ᠢ ︽ᠪᠠᠶᠠᠨᠨᠠᠭᠤᠷ︾ ᠭᠡᠵᠤ ᠨᠡᠷᠡᠶᠢᠳᠬᠦ ᠲᠤᠬᠠᠢ ᠠᠯᠠᠱᠠ ᠬᠤᠰᠢᠭᠤᠨ ᠤ ᠳ᠋ᠠᠨᠢᠽᠠᠨ᠎ᠠ᠂ ᠯᠢᠤ ᠵᠢᠶᠠᠨ᠂ ᠪᠠ ᠸᠧᠨ ᠵᠢᠶᠦ᠋ᠨ᠂ ᠴᠧᠨ · ᠡᠷᠳᠡᠨᠢᠪᠠᠳᠤ᠂ ᠴᠧᠨ · ᠨᠠᠰᠤᠨᠪᠠᠳᠤ ᠨᠠᠷ ᠢᠶᠠᠷ ᠪᠦᠷᠢᠯᠳᠦᠭᠰᠡᠨ ᠲᠦᠯᠦᠭᠡᠯᠡᠭᠴᠢ ᠶᠢᠨ ᠲᠤᠭᠤᠢᠢᠯᠠᠩ ᠪᠤᠯᠤᠨ ᠡᠵᠡᠨ᠎ᠡ ᠬᠤᠰᠢᠭᠤᠨ ᠤ ᠯᠾᠠᠸᠠᠩᠵᠠᠪ᠂ ᠭᠦᠸᠧ ᠴᠢᠤᠸᠠᠨ ᠳ᠋ᠧ᠂ ᠨᠡᠶᠢᠳᠡᠨ ᠨᠠᠷ ᠢᠶᠠᠷ ᠪᠦᠷᠢᠯᠳᠦᠭᠰᠡᠨ ᠲᠦᠯᠦᠭᠡᠯᠡᠭᠴᠢ ᠶᠢᠨ ᠲᠤᠭᠤᠢᠢᠯᠠᠩ ᠲᠠᠬᠢᠨ ᠲᠠᠪᠳᠠᠨ ᠶᠠᠷᠢᠯᠴᠠᠭᠠᠳ ᠤᠯᠠᠨ ᠲᠠᠯ᠎ᠠ ᠶᠢᠨ ᠰᠠᠨᠠᠯ ᠢ ᠰᠤᠨᠤᠰᠤᠨ ᠵᠦᠪᠯᠡᠭᠰᠡᠨ ᠤ ᠦᠷ᠎ᠡ ᠳ᠋ᠦᠩ ᠳᠤ᠄ ᠠᠯᠠᠱᠠ ᠨᠤᠳᠤᠭ ᠲᠤ ︽ᠪᠠᠶᠠᠨ︾ ᠭᠡᠳᠡᠭ ᠨᠡᠷ᠎ᠡ ᠤᠯᠠᠨ ᠪᠠᠶᠢᠳᠠᠭ᠃ ᠵᠢᠱᠢᠶᠠᠯᠡᠪᠡᠯ ︽ᠪᠠᠶᠠᠨᠬᠤᠳᠠ︾᠂ ︽ᠪᠠᠶᠠᠨ ᠠᠭᠤᠯᠠ︾᠂ ︽ᠪᠠᠶᠠᠨ ᠨᠢᠷᠤᠭᠤ︾᠂ ︽ᠪᠠᠶᠠᠨ ᠲᠦᠬᠦᠮ︾᠂ ︽ᠪᠠᠶᠠᠨ ᠱᠠᠷᠽᠠ︾᠂ ︽ᠪᠠᠶᠠᠨ ᠵᠢᠷᠠᠨᠳᠠᠢ︾᠂ ︽ᠪᠠᠶᠠᠨ ᠪᠦᠷᠢᠳᠤ︾᠂ ︽ᠪᠠᠶᠠᠨ ᠪᠤᠭᠳᠠ︾᠂ ︽ᠪᠠᠶᠠᠨᠪᠤᠯᠠᠭ︾ ᠭᠡᠬᠦ ᠵᠡᠷᠭᠡ ᠪᠠᠶᠢᠳᠠᠭ ᠪᠦᠭᠡᠳ ᠲᠠᠭᠤᠤ ᠮᠠᠭᠲᠠᠭᠠᠯ ᠳᠤ ᠲᠠᠭᠤᠯᠠᠭᠳᠠᠵᠤ᠂ ᠦᠯᠢᠭᠡᠷ ᠲᠡᠤᠬᠡᠨ ᠳᠤ ᠲᠡᠮᠳᠡᠭᠯᠡᠭᠳᠡᠭᠰᠡᠭᠡᠷ ᠢᠷᠡᠵᠠᠢ᠃      ᠡᠵᠡᠨ᠎ᠡ ᠬᠤᠰᠢᠭᠤᠨ ᠳᠤ ᠨᠠᠭᠤᠷ᠂ ᠲᠠᠩᠭᠢᠰ᠂ ᠭᠤᠤᠯ ᠭᠠᠵᠠᠷ ᠠᠷᠪᠢᠨ ᠪᠠᠶᠢᠳᠠᠭ᠃ ︽ᠵᠢᠤᠢ ᠶᠠᠨ ᠬᠠᠢ︾ ᠪᠠᠰᠠ ︽ᠰᠤᠪ ᠨᠠᠭᠤᠷ︾ ᠭᠡᠳᠡᠭ᠃ ︽ᠭᠠᠰᠢᠭᠤᠨ ᠨᠠᠭᠤᠷ︾᠂ ︽ᠬᠤᠨ ᠭᠠᠯᠠᠭᠤᠨ ᠤ ᠨᠠᠭᠤᠷ︾᠂ ︽ᠵᠢᠩᠰᠠᠳᠤ ᠶᠢᠨ ᠨᠠᠭᠤᠷ︾᠂ ︽ᠭᠤᠷᠦᠭᠠᠢ ᠨᠠᠭᠤᠷ︾ ︵ᠨᠠᠮᠤᠭ︶᠂ ︽ᠭᠤᠶᠢᠽᠠ ᠨᠠᠭᠤᠷ︾ ︵ᠨᠠᠮᠤᠭ︶᠂ ︽ᠰᠢᠷ᠎ᠠ ᠨᠠᠭᠤᠷ︾᠂ ︽ᠳᠠᠪᠤᠰᠤᠳᠤ ᠨᠠᠭᠤᠷ︾᠂ ︽ᠳ᠋ᠠᠩᠪᠥ᠋ ᠶᠢᠨ ᠨᠠᠭᠤᠷ︾᠂ ︽ᠡᠪᠦᠭᠡᠳ ᠤᠨ ᠨᠠᠭᠤᠷ︾ ᠬᠡᠬᠦ ᠵᠡᠷᠭᠡ ᠪᠠᠶᠢᠵᠤ᠂ ᠲᠠᠭᠤᠤ ᠰᠢᠯᠦᠭ ᠦᠯᠢᠭᠡᠷ ᠲᠡᠤᠬᠡᠨ ᠳᠤ ᠲᠡᠮᠳᠡᠭᠯᠡᠭᠳᠡᠭᠰᠡᠨ ᠪᠠᠶᠢᠨ᠎ᠠ᠃ ᠡᠶᠢᠮᠤ ᠠᠴᠠ ᠡᠨᠡ ᠬᠤᠶᠠᠷ ᠭᠠᠵᠠᠷ ᠤᠨ ᠨᠡᠷ᠎ᠡ ᠶᠢ ᠬᠠᠷᠠᠭᠠᠯᠵᠠᠨ ᠭᠤᠤᠯ ᠴᠤᠭᠴᠠ ᠪᠤᠯᠬᠤ ᠬᠤᠶᠠᠷ ᠬᠤᠰᠢᠭᠤᠨ ᠤ ᠲᠡᠤᠭᠡ ᠶᠢᠨ ᠨᠢᠭᠳᠠ ᠬᠠᠷᠢᠯᠴᠠᠭ᠎ᠠ ᠪᠤᠯᠤᠨ ᠪᠦᠯᠬᠦᠮᠳᠡᠯ ᠢ ᠪᠤᠳᠤᠯᠬᠢᠯᠠᠵᠤ᠂ ᠠᠯᠠᠱᠠ ᠶᠢ ᠲᠦᠯᠦᠭᠡᠯᠡᠭᠰᠡᠨ ︽ᠪᠠᠶᠠᠨ︾᠂ ᠡᠵᠡᠨ᠎ᠡ ᠶᠢ ᠲᠦᠯᠦᠭᠡᠯᠡᠭᠰᠡᠨ ︽ᠨᠠᠭᠤᠷ︾ ᠬᠤᠶᠠᠷ ᠨᠡᠷ᠎ᠠ ᠶᠢ ᠬᠤᠯᠪᠤᠵᠤ ︽ᠪᠠᠶᠠᠨᠨᠠᠭᠤᠷ︾ ᠭᠡᠵᠤ ᠨᠡᠷᠡᠶᠢᠳᠬᠦ ᠪᠠᠷ ᠲᠤᠭᠲᠠᠭᠠᠳ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠤᠯᠤᠨ ᠲᠦᠪ ᠤᠨ ᠵᠠᠰᠠᠭ ᠤᠨ ᠤᠷᠳᠤᠨ ᠢᠶᠠᠷ ᠵᠦᠪᠰᠢᠶᠡᠷᠡᠭᠦᠯᠦᠨ ᠨᠡᠷᠡᠶᠢᠳᠦᠭᠰᠡᠨ ᠶᠤᠮ᠃   
ᠢᠷᠡᠯᠲᠡ᠄ ᠪᠠᠶᠠᠨ ᠨᠠᠭᠤᠷ ᠤᠨ ᠰᠤᠨᠢᠨ