ᠮᠣᠩᠭᠤᠯᠴᠤᠳ ᠲᠠᠪᠤᠨ ᠬᠤᠰᠢᠭᠤ ᠮᠠᠯ ᠢ ᠠᠷᠠᠴᠢᠯᠠᠨ ᠮᠠᠯᠵᠢᠬᠤ ᠦᠢᠯᠡᠳᠪᠦᠷᠢᠯᠡᠯ ᠬᠥᠳᠡᠯᠮᠦᠷᠢ ᠶᠢᠨ ᠶᠠᠪᠤᠴᠠ ᠳᠠᠭᠠᠨ ᠮᠠᠯ ᠠᠵᠤ ᠠᠬᠤᠢ ᠶᠢᠨ | ᠪᠠᠶᠠᠯᠢᠭ ᠲᠤᠷᠰᠢᠯᠭ᠎ᠠ ᠶᠢ ᠬᠤᠷᠠᠮᠳᠤᠭᠤᠯᠤᠭᠰᠠᠨ ᠶᠤᠮ᠃ ᠲᠠᠪᠤᠨ ᠬᠤᠰᠢᠭᠤ ᠮᠠᠯ ᠤᠨ ᠠᠳᠠᠯᠢ ᠪᠤᠰᠤ ᠣᠨᠴᠠᠯᠢᠭ ᠪᠣᠯᠤᠨ ᠲᠡᠳᠡᠭᠡᠷ ᠤᠨ ᠴᠠᠭ ᠠᠭᠤᠷ᠂ | ᠤᠰᠤ ᠪᠡᠯᠴᠢᠭᠡᠷ ᠤᠨ ᠲᠣᠬᠢᠷᠠᠴᠠ ᠶᠢ ᠦᠨᠳᠦᠰᠦᠯᠡᠵᠦ ᠳᠥᠷᠪᠡᠨ ᠤᠯᠠᠷᠢᠯ ᠤᠨ ᠠᠭᠤᠷ ᠠᠮᠢᠰᠬᠤᠯ ᠤᠨ ᠪᠠᠶᠢᠳᠠᠯ᠂ ᠬᠤᠷ᠎ᠠ ᠲᠤᠨᠳᠠᠰᠤ᠂ ᠡᠪᠡᠰᠦ | ᠪᠡᠯᠴᠢᠭᠡᠷ ᠤᠨ ᠪᠠᠶᠢᠳᠠᠯ ᠢ ᠦᠨᠳᠦᠰᠦᠯᠡᠵᠦ᠂ ᠤᠯᠠᠷᠢᠯ ᠢᠶᠠᠷ ᠨᠡᠭᠦᠳᠡᠯᠯᠡᠬᠦ ᠶᠢ ᠤᠷᠲᠤ ᠬᠤᠭᠤᠴᠠᠭ᠎ᠠ ᠪᠠᠷ ᠪᠠᠷᠢᠮᠲᠠᠯᠠᠭᠰᠠᠭᠠᠷ ᠢᠷᠡᠭᠰᠡᠨ ᠶᠤᠮ᠃ ᠢᠩᠭᠢᠵᠦ | ᠳᠥᠷᠪᠡᠨ ᠤᠯᠠᠷᠢᠯ ᠢᠶᠠᠷ ᠡᠭᠡᠯᠵᠢᠯᠡᠨ ᠨᠡᠭᠦᠳᠡᠯᠯᠡᠬᠦ ᠶᠢ ᠬᠠᠪᠤᠷᠵᠢᠶ᠎ᠠ ᠳᠤ ᠭᠠᠷᠬᠤ᠂ ᠵᠤᠰᠠᠯᠠᠩ ᠳᠤ ᠪᠠᠭᠤᠬᠤ᠂ ᠨᠠᠮᠤᠷᠵᠢᠶ᠎ᠠ ᠳᠤ ᠪᠠᠭᠤᠬᠤ᠂ ᠡᠪᠦᠯᠵᠢᠶ᠎ᠡ ᠳᠤ | ᠪᠠᠭᠤᠬᠤ ᠭᠡᠳᠡᠭ᠃ | ᠵᠤᠰᠠᠯᠠᠩ ᠳᠤ ᠪᠠᠭᠤᠬᠤ | ᠵᠤᠨ ᠤ ᠤᠯᠠᠷᠢᠯ ᠤᠨ ᠨᠡᠭᠦᠳᠡᠯ ᠨᠢ ᠮᠠᠯ ᠰᠦᠷᠦᠭ ᠤᠨ ᠮᠢᠬᠠᠨ ᠲᠠᠷᠭᠤ ᠠᠪᠤᠭᠤᠯᠬᠤ ᠵᠣᠷᠢᠯᠲᠠ ᠲᠠᠢ ᠪᠣᠯᠬᠤᠷ᠂ ᠠᠭᠤᠯᠠ ᠶᠢᠨ ᠠᠷᠤ᠂ ᠳᠡᠨᠵᠢ᠂ | ᠲᠠᠯ᠎ᠠ ᠶᠢᠨ ᠬᠥᠨᠳᠡᠢ ᠶᠢᠨ ᠠᠭᠢ᠂ ᠬᠠᠵᠠᠭᠠᠷ᠂ ᠬᠢᠶᠠᠭ ᠵᠡᠷᠭᠡ ᠨᠠᠷᠢᠨ ᠠᠮᠲᠠᠯᠢᠭ ᠤᠷᠭᠤᠮᠠᠯ ᠲᠠᠢ ᠪᠡᠯᠴᠢᠭᠡᠷ ᠢ ᠰᠣᠩᠭᠤᠵᠤ᠂ ᠡᠳᠦᠷ ᠲᠤ ᠨᠢᠭᠡ ᠠᠴᠠ | ᠬᠤᠶᠠᠷ ᠤᠳᠠᠭ᠎ᠠ ᠤᠰᠤᠯᠠᠨ᠂ ᠡᠷᠲᠡᠯᠡᠨ ᠪᠡᠯᠴᠢᠭᠡᠵᠦ᠂ ᠣᠷᠣᠢ ᠬᠤᠲᠠᠯᠠᠬᠤ ᠶᠢ ᠪᠠᠷᠢᠮᠲᠠᠯᠠᠨ ᠦᠳᠡ ᠶᠢᠨ ᠬᠠᠯᠠᠭᠤᠨ ᠳᠤ ᠠᠭᠤᠯᠠᠨ ᠣᠷᠣᠢ᠂ ᠳᠣᠪᠣᠷᠴᠠᠭ | ᠭᠠᠵᠠᠷ ᠢᠶᠠᠷ ᠵᠣᠭᠰᠣᠭᠠᠬᠤ ᠶᠢ ᠠᠩᠬᠠᠷᠳᠠᠭ᠃ ᠵᠤᠨ ᠤ ᠡᠬᠢᠨ ᠰᠠᠷ᠎ᠠ ᠶᠢᠨ ᠦᠶ᠎ᠡ ᠠᠴᠠ ᠮᠠᠯ ᠰᠦᠷᠦᠭ ᠢ ᠰᠠᠯᠬᠢᠨ ᠤ ᠥᠭᠡᠳᠡ ᠤᠷᠤᠭᠤ ᠲᠣᠭᠲᠠᠮᠠᠯ | ᠪᠡᠯᠴᠢᠭᠡᠨ ᠬᠦᠯᠦᠷᠡᠭᠡᠪᠡᠯ᠂ ᠤᠩᠭᠠᠰᠤ ᠨᠣᠣᠰᠣ ᠨᠢ ᠬᠥᠭᠡᠷᠬᠦ ᠳᠤ ᠠᠮᠠᠷᠬᠠᠨ ᠪᠥᠭᠡᠳ ᠮᠠᠯ ᠤᠨ ᠰᠢᠷ᠎ᠠ ᠦᠰᠦᠨ ᠤ ᠰᠦᠪᠡ ᠨᠡᠭᠡᠭᠡᠭᠳᠡᠨ᠂ ᠲᠠᠷᠭᠤ | ᠠᠪᠬᠤ ᠳᠤ ᠰᠠᠶᠢᠨ ᠪᠠᠶᠢᠳᠠᠭ᠃ ᠵᠤᠨ ᠤ ᠳᠤᠮᠳᠠ ᠰᠠᠷ᠎ᠠ ᠠᠴᠠ ᠡᠬᠢᠯᠡᠨ ᠪᠤᠭ ᠮᠠᠯ ᠢ ᠨᠣᠭᠤᠭᠠᠨ ᠤ ᠰᠢᠭᠦᠳᠡᠷᠢ ᠪᠠᠭᠤᠭᠰᠠᠨ ᠤ ᠬᠤᠶᠢᠨ᠎ᠠ ᠪᠡᠯᠴᠢᠭᠡᠬᠦ ᠪᠠ | ᠵᠠᠩᠭᠤᠤ᠂ ᠰᠢᠪᠡᠭᠡ᠂ ᠬᠠᠷᠭᠠᠨ᠎ᠠ ᠵᠡᠷᠭᠡ ᠥᠷᠭᠡᠰᠦᠲᠦ ᠤᠷᠭᠤᠮᠠᠯ ᠪᠦᠬᠦᠢ ᠪᠡᠯᠴᠢᠭᠡᠷ ᠠᠴᠠ ᠵᠠᠶᠢᠯᠠᠭᠤᠯᠳᠠᠭ ᠨᠢ ᠮᠠᠯ ᠤᠨ ᠲᠤᠭᠤᠷᠠᠢ ᠶᠢᠨ ᠰᠠᠯᠠᠭ᠎ᠠ ᠭᠡᠮᠲᠦᠬᠦ | ᠂ ᠤᠩᠭᠠᠰᠤ ᠨᠣᠣᠰᠣ ᠭᠡᠭᠡᠭᠳᠡᠬᠦ ᠠᠴᠠ ᠰᠡᠷᠭᠡᠶᠢᠯᠡᠭᠰᠡᠨ ᠮᠠᠯᠴᠢᠨ ᠠᠷᠠᠳ ᠤᠨ ᠮᠠᠯ ᠮᠠᠯᠵᠢᠬᠤ ᠤᠷ᠎ᠠ ᠤᠬᠠᠭᠠᠨ ᠤ ᠢᠯᠡᠷᠡᠯ ᠪᠣᠯᠬᠤ ᠶᠤᠮ᠃ | |