ᠮᠤᠩᠭᠤᠯᠴᠤᠳ ᠬᠡᠭᠡᠷ᠎ᠡ ᠶᠢᠨ ᠤᠷᠭᠤᠮᠠᠯ ᠵᠢᠮᠢᠰ ᠪᠤᠶᠤ ᠲᠠᠷᠢᠮᠠᠯ ᠤᠷᠭᠤᠮᠠᠯ ᠵᠢᠮᠢᠰ ᠢ ᠶᠡᠷᠤᠩᠭᠡᠶᠢᠯᠡᠨ ᠬᠦᠭᠡ ᠢᠳᠡᠭᠡᠨ ᠭᠡᠵᠤ ᠨᠡᠷᠡᠯᠡᠳᠡᠭ᠃ | 1᠂ ᠨᠤᠭᠤᠭᠠᠨ ᠤ ᠵᠦᠢᠯ | ᠮᠤᠩᠭᠤᠯᠴᠤᠳ ᠤᠨ ᠢᠳᠡᠳᠡᠭ ᠭᠡᠭᠡᠷ᠎ᠡ ᠶᠢᠨ ᠨᠤᠭᠤᠭ᠎ᠠ ᠶᠢᠨ ᠵᠦᠢᠯᠡᠰ ᠲᠤ ᠬᠦᠮᠡᠯᠢ᠂ ᠭᠤᠭᠤᠳ᠂ ᠮᠠᠩᠬᠢᠷ᠂ ᠲᠠᠭᠠᠨ᠎ᠠ᠂ ᠬᠠᠯᠠᠭᠠᠢ᠂ ᠯᠤᠤᠯᠢ᠂ | ᠰᠢᠷ᠎ᠠ ᠬᠤᠸᠠᠷ᠂ ᠴᠠᠭᠠᠨ ᠮᠦᠬᠦ᠂ ᠤᠯᠠᠭᠠᠨ ᠮᠦᠬᠦ᠂ ᠬᠠᠷ᠎ᠡ ᠮᠦᠬᠦ ᠵᠡᠷᠭᠡ ᠪᠠᠶᠢᠳᠠᠭ᠃ ᠰᠡᠬᠦᠯ ᠤᠨ ᠦᠶ᠎ᠡ ᠳᠤ ᠲᠠᠷᠢᠮᠠᠯ ᠨᠤᠭᠤᠭ᠎ᠠ ᠶᠢ ᠬᠤᠭᠤᠯᠠ | ᠤᠮᠳᠠᠭᠠᠨ ᠤ ᠠᠰᠢᠭᠯᠠᠬᠤ ᠳᠤ ᠪᠠᠨ ᠭᠤᠤᠯᠳᠠᠭᠤ ᠴᠠᠭᠠᠨ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂ ᠰᠢᠷ᠎ᠡ ᠯᠤᠤᠪᠠᠩ᠂ ᠴᠠᠭᠠᠨ ᠯᠤᠤᠪᠠᠩ᠂ ᠮᠠᠨᠵᠢᠨ᠂ | ᠲᠦᠮᠤᠰᠤ᠂ ᠪᠤᠷᠴᠠᠭ᠂ ᠰᠤᠩᠬᠢᠨ᠎ᠠ᠂ ᠰᠠᠷᠢᠮᠰᠠᠭ᠂ ᠤᠷᠤᠰ ᠰᠤᠩᠬᠢᠨ᠎ᠠ᠂ ᠰᠤᠷᠢᠰᠤ᠂ ᠭᠤᠭᠤᠳ᠂ ᠭᠤᠸ᠎ᠠ᠂ ᠬᠠᠰᠢ ᠵᠡᠷᠭᠡ ᠶᠢ ᠦᠷᠭᠡᠨ ᠢᠶᠠᠷ | ᠠᠰᠢᠭᠯᠠᠬᠤ ᠪᠤᠯᠵᠠᠢ᠃ ᠭᠡᠭᠡᠷ᠎ᠡ ᠶᠢᠨ ᠤᠷᠭᠤᠮᠠᠯ ᠠᠴᠠ ᠬᠦᠮᠡᠯᠢ᠂ ᠭᠤᠭᠤᠳ᠂ ᠮᠠᠩᠬᠢᠷ᠂ ᠲᠠᠭᠠᠨ᠎ᠠ᠂ ᠲᠤᠭᠳᠠᠭᠤᠯ ᠵᠡᠷᠭᠡ ᠶᠢ ᠲᠡᠬᠦᠵᠤ᠂ ᠮᠢᠬ᠎ᠠ ᠲᠠᠢ | ᠬᠤᠯᠢᠭᠠᠳ ᠪᠠᠩᠰᠢ᠂ ᠪᠤᠤᠰᠠ᠂ ᠬᠤᠤᠱᠤᠤᠷ ᠬᠢᠵᠤ ᠢᠳᠡᠬᠦ᠂ ᠮᠠᠯ ᠤᠨ ᠭᠡᠳᠡᠰᠤ ᠴᠢᠳᠬᠤᠬᠤ ᠪᠠ ᠬᠤᠳᠤᠭᠤᠳᠤ᠂ ᠤᠯᠤᠭᠠᠢ ᠪᠤᠷᠳᠤᠬᠤ ᠳᠤ ᠠᠮᠳᠠ | ᠤᠷᠤᠭᠤᠯᠬᠤ ᠵᠢᠴᠢ ᠵᠤᠨ᠂ ᠨᠠᠮᠤᠷ ᠲᠤ ᠪᠠᠨ ᠲᠠᠪᠤᠰᠤᠯᠠᠬᠤ ᠪᠤᠶᠤ ᠠᠶᠢᠷᠠᠭ᠂ ᠰᠢᠷ᠎ᠠ ᠤᠰᠤᠨ ᠳᠤ ᠲᠠᠷᠤᠰᠢᠭᠤᠯᠤᠭᠠᠳ ᠵᠠᠭᠤᠰᠢ ᠬᠤᠯᠢᠰᠢᠨ ᠳᠤ ᠢᠳᠡᠳᠡᠭ | ᠃ ᠭᠤᠭᠤᠳ ᠤᠨ ᠴᠡᠴᠡᠭ ᠢ ᠰᠤᠷᠢᠰᠤ ᠭᠡᠵᠤ᠂ ᠲᠠᠪᠤᠰᠤ ᠲᠠᠢ ᠬᠤᠯᠢᠵᠤ ᠨᠦᠳᠤᠭᠡᠳ ᠭᠡᠳᠡᠰᠤ ᠴᠢᠳᠬᠤᠬᠤ ᠪᠠ ᠬᠤᠳᠤᠭᠤᠳᠤ᠂ ᠤᠯᠤᠭᠠᠢ ᠪᠤᠷᠳᠤᠬᠤ ᠳᠤ | ᠠᠮᠳᠠ ᠤᠷᠤᠭᠤᠯᠬᠤ᠂ ᠬᠤᠭᠤᠯᠠᠨ ᠢᠳᠡᠭᠡᠨ ᠳᠤ ᠵᠠᠭᠤᠰᠢ ᠪᠤᠯᠭᠠᠳᠠᠭ᠃ ᠬᠠᠯᠠᠭᠠᠢ᠂ ᠯᠤᠤᠯᠢ ᠶᠢ ᠲᠡᠬᠦᠵᠤ᠂ ᠪᠠᠩᠰᠢ᠂ ᠪᠤᠤᠰᠠ ᠬᠢᠬᠦ᠂ ᠭᠤᠯᠢᠷ ᠲᠠᠢ | ᠬᠤᠭᠤᠯᠠᠨ ᠳᠤ ᠵᠠᠭᠤᠰᠢ ᠪᠤᠯᠭᠠᠨ ᠢᠳᠡᠳᠡᠭ᠃ ᠬᠠᠯᠠᠭᠠᠢ᠂ ᠯᠤᠤᠯᠢ ᠤᠦᠯᠢᠶᠡᠨ ᠴᠢᠨᠠᠷ ᠲᠠᠢ᠂ ᠬᠤᠳᠤᠭᠤᠳᠤᠨ ᠤ ᠰᠢᠩᠭᠡᠭᠡᠯᠳᠡ ᠶᠢ ᠰᠠᠶᠢᠵᠢᠷᠠᠭᠤᠯᠬᠤ᠂ | ᠪᠠᠮ ᠬᠠᠪᠤᠳᠠᠷ ᠢ ᠵᠠᠰᠠᠬᠤ ᠳᠤ ᠲᠤᠰᠠ ᠲᠠᠢ ᠪᠠᠶᠢᠳᠠᠭ᠃ ᠭᠡᠬᠦ ᠳᠤ ᠪᠠᠨ ᠲᠡᠭᠰᠢ ᠲᠤᠤᠭᠠᠷᠬᠤ ᠠᠴᠠ ᠡᠮᠦᠨ᠎ᠡ ᠢᠳᠡᠪᠡᠯ ᠪᠡᠶ᠎ᠡ ᠬᠠᠪᠤᠳᠤᠨ᠎ᠠ ᠭᠡᠵᠤ | ᠴᠡᠭᠡᠷᠯᠡᠳᠡᠭ᠃ ᠰᠢᠷ᠎ᠡ ᠬᠤᠸᠠᠷ ᠢ ᠰᠠᠶ᠋ᠢ ᠲᠡᠯᠭᠡᠷᠡᠬᠦ ᠦᠶ᠎ᠡ ᠪᠠᠷ ᠲᠡᠬᠦᠵᠤ᠂ ᠱᠦᠯᠦ ᠬᠤᠭᠤᠯᠠᠨ ᠳᠤ ᠬᠢᠬᠦ ᠪᠤᠶᠤ ᠬᠠᠭᠤᠷᠴᠤ ᠢᠳᠡᠬᠦ᠂ ᠵᠢᠩᠨᠡᠵᠤ | ᠪᠤᠯᠭᠤᠭᠠᠳ ᠬᠠᠳᠠᠭᠠᠵᠤ᠂ ᠡᠪᠤᠯ᠂ ᠬᠠᠪᠤᠷ ᠲᠤ ᠪᠠᠨ ᠢᠳᠡᠳᠡᠭ᠃ ᠴᠠᠭᠠᠨ ᠮᠦᠬᠦ᠂ ᠤᠯᠠᠭᠠᠨ ᠮᠦᠬᠦ᠂ ᠮᠤᠳᠤᠨ ᠮᠦᠬᠦ ᠪᠠᠷ ᠱᠦᠯᠤ ᠭᠠᠷᠭᠠᠬᠤ᠂ | ᠬᠠᠭᠤᠷᠴᠤ ᠢᠳᠡᠬᠦ᠂ ᠳᠠᠪᠤᠰᠤᠯᠠᠵᠤ ᠢᠳᠡᠬᠦ ᠪᠠ ᠬᠠᠳᠠᠭᠠᠵᠤ ᠬᠠᠳᠠᠭᠠᠯᠠᠭᠠᠳ ᠡᠪᠤᠯ᠂ ᠬᠠᠪᠤᠷ ᠢᠳᠡᠳᠡᠭ᠃ | 2᠂ ᠵᠢᠮᠢᠰ ᠤᠨ ᠵᠦᠢᠯ | ᠮᠤᠩᠭᠤᠯᠴᠤᠳ ᠤᠨ ᠢᠳᠡᠳᠡᠭ ᠭᠡᠭᠡᠷ᠎ᠡ ᠶᠢᠨ ᠵᠢᠮᠢᠰ ᠤᠨ ᠵᠦᠢᠯᠡᠰ ᠲᠤ ᠦᠷᠢᠯ᠂ ᠮᠦᠢᠯ᠂ ᠬᠦᠢᠯᠡᠰᠤ᠂ ᠲᠤᠯᠤᠨᠤ᠂ ᠤᠯᠠᠭᠠᠨ᠎ᠠ᠂ ᠵᠤᠭ᠎ᠠ ᠵᠡᠷᠭᠡ | ᠪᠠᠶᠢᠳᠠᠭ᠃ ᠡᠳᠡᠭᠡᠷ ᠵᠢᠮᠢᠰ ᠢ ᠲᠡᠬᠦᠵᠤ ᠰᠢᠨ᠎ᠡ ᠲᠡᠭᠡᠷ᠎ᠡ ᠨᠢ ᠢᠳᠡᠬᠦ ᠠᠴᠠ ᠭᠠᠳᠠᠨ᠎ᠠ᠂ ᠬᠠᠳᠠᠭᠠᠵᠤ ᠬᠠᠳᠠᠭᠠᠯᠠᠬᠤ ᠪᠠ ᠴᠢᠭᠠᠰᠢᠳᠠ ᠪᠤᠯᠪᠠᠰᠤᠷᠠᠭᠤᠯᠤᠨ | ᠢᠳᠡᠳᠡᠭ᠃ ᠨᠠᠮᠤᠷ ᠬᠦᠢᠯᠡᠰᠤ ᠪᠤᠯᠪᠠᠰᠤᠷᠠᠭᠰᠠᠨ ᠤ ᠲᠠᠷᠠᠭ᠎ᠠ᠂ ᠦᠷ᠎ᠡ ᠶᠢ ᠨᠢ ᠲᠡᠬᠦᠵᠤ ᠭᠡᠮᠭᠡᠴᠢᠭᠡᠳ ᠲᠤᠰᠤ ᠰᠢᠷᠭᠠᠭᠠᠵᠤ ᠠᠪᠳᠠᠭ᠃ ᠬᠠᠪᠤᠷ ᠲᠤ ᠪᠠᠨ | ᠬᠠᠶᠢᠯᠠᠰᠤᠨ ᠮᠤᠳᠤᠨ ᠤ ᠵᠤᠭ᠎ᠠ ᠶᠢ ᠲᠡᠬᠦᠵᠤ ᠠᠪᠤᠭᠠᠳ᠂ ᠭᠤᠯᠢᠷ ᠲᠠᠢ ᠬᠤᠭᠤᠯᠠᠨ ᠳᠤ ᠵᠠᠭᠤᠰᠢ ᠪᠤᠯᠭᠠᠬᠤ᠂ ᠭᠤᠯᠢᠷ ᠲᠠᠢ ᠬᠤᠯᠢᠵᠤ ᠪᠤᠭᠤᠷᠰᠤᠭ | ᠬᠠᠭᠠᠷᠢᠵᠤ ᠢᠳᠡᠳᠡᠭ ᠪᠠ ᠬᠠᠳᠠᠭᠠᠵᠤ ᠲᠠᠯᠠᠭᠳᠠᠭᠠᠳ᠂ ᠰᠠᠭᠠᠭ᠂ ᠶᠤᠤᠮᠠᠢ ᠶᠢᠨ ᠭᠤᠯᠢᠷ ᠲᠠᠢ ᠬᠤᠯᠢᠵᠤ ᠢᠳᠡᠳᠡᠭ᠃ ᠰᠡᠬᠦᠯ ᠤᠨ ᠦᠶ᠎ᠡ ᠳᠤ ᠲᠠᠷᠢᠮᠠᠯ | ᠵᠢᠮᠢᠰ ᠠᠴᠠ ᠲᠠᠷᠪᠤᠰ᠂ ᠠᠮᠳᠠᠳᠤ ᠭᠡᠮᠭᠡ᠂ ᠦᠷᠭᠡᠰᠤᠳᠤ ᠭᠡᠮᠭᠡ᠂ ᠳ᠋ᠦᠩᠭᠤᠸᠠ᠂ ᠯᠠᠩᠭᠤᠸᠠ᠂ ᠠᠯᠮᠤᠷᠠᠳ᠂ ᠠᠯᠢᠮ᠎ᠠ ᠵᠡᠷᠭᠡ ᠶᠢ ᠲᠦᠭᠡᠮᠡᠯ ᠠᠰᠢᠭᠯᠠᠬᠤ | ᠪᠤᠯᠤᠭᠰᠠᠨ ᠪᠠᠶᠢᠨ᠎ᠠ᠃ | |