ᠮᠣᠩᠭᠤᠯ ᠦᠨᠳᠦᠰᠦᠳᠡᠨ ᠬᠡᠳᠦ᠋ᠢᠪᠡᠷ ᠠᠷᠢᠬᠢ ᠶᠢ ᠢᠳᠡᠬᠡᠨ ᠤᠮᠳᠠᠭᠠᠨ ᠤ ᠳᠡᠬᠡᠵᠢ ᠪᠠᠷ ᠦᠵᠡᠳᠡᠭ ᠪᠤᠯᠪᠠᠴᠤ᠂ ᠳᠡᠬᠦᠨ ᠢ ᠨᠠᠰᠤ ᠵᠢᠯ ᠢᠯᠭᠠᠯ | ᠦᠬᠡᠢ ᠪᠠᠷ ᠳᠤᠷ᠎ᠠ ᠪᠠᠷ ᠡᠳ᠋ᠯᠡᠬᠦ ᠪᠡ ᠳᠤᠷ᠎ᠡ ᠪᠠᠷ ᠤᠤᠭᠤᠬᠤ ᠶᠢ ᠡᠷᠬᠢᠮᠯᠡᠳᠡᠭ ᠦᠬᠡᠢ ᠶᠤᠮ᠃ ᠮᠤᠩᠭᠤᠯ ᠦᠨᠳᠦᠰᠦᠳᠡᠨ ᠤᠷᠳᠤ ᠬᠤᠭᠤᠴᠠᠭᠠᠨ ᠤ | ᠠᠮᠢᠳᠤᠷᠠᠯ ᠦᠢᠯᠡᠳᠦᠯᠬᠡ ᠶᠢᠨ ᠶᠠᠪᠤᠴᠠ ᠳᠤ ᠪᠠᠨ ᠠᠷᠢᠬᠢ ᠤᠤᠭᠤᠬᠤ ᠨᠠᠰᠤ ᠵᠢᠯ᠂ ᠠᠷᠢᠬᠢ ᠪᠠᠷᠢᠬᠤ᠂ ᠠᠷᠢᠬᠢ ᠡᠷᠬᠦᠬᠦ᠂ ᠠᠶ᠎ᠠ ᠳᠠᠭᠤᠤ ᠪᠠᠷᠢᠬᠤ ᠵᠡᠷᠬᠡ | ᠳᠠᠯ᠎ᠠ ᠪᠠᠷ ᠪᠦᠷ ᠪᠤᠳᠠᠳᠠᠢ ᠪᠦᠬᠡᠳ ᠳᠤᠬᠳᠠᠮᠠᠯ ᠪᠠᠷᠢᠮᠵᠢᠶ᠎ᠠ ᠪᠤᠯᠤᠨ ᠳᠤᠳᠤᠷᠬᠠᠢ ᠶᠤᠰᠤ ᠴᠡᠭᠡᠷ ᠢ ᠳᠤᠬᠳᠠᠭᠠᠵᠦ᠂ ᠮᠤᠩᠭᠤᠯ ᠦᠨᠳᠦᠰᠦᠳᠡᠨ ᠤ | ᠦᠪᠡᠷᠮᠢᠴᠡ ᠠᠷᠢᠬᠢᠨ ᠰᠣᠶᠣᠯ ᠢ ᠡᠬᠦᠳᠴᠡᠢ᠃ | ᠨᠢᠬᠡ᠂ ᠠᠷᠢᠬᠢ ᠤᠤᠭᠤᠬᠤ ᠨᠠᠰᠤ ᠵᠢᠯ ᠳᠠᠷᠤᠢ ᠰᠢᠷᠡᠬᠡᠨ ᠳᠤ ᠰᠠᠭᠤᠵᠦ ᠠᠷᠢᠬᠢ ᠤᠤᠭᠤᠬᠤ ᠨᠠᠰᠤ ᠵᠢᠯ ᠢ ᠬᠡᠯᠡᠵᠦ ᠪᠤᠢ᠃ ᠡᠷᠡᠭᠳᠡᠢ ᠬᠦᠮᠦᠨ | ᠭᠤᠴᠢᠨ ᠳᠤᠯᠤᠭ᠎ᠠ ᠬᠦᠷᠦᠭᠰᠡᠨ ᠤ ᠳᠠᠷᠠᠭ᠎ᠠ᠂ ᠳᠤᠬᠠᠢᠢᠯᠠᠪᠠᠯ ᠭᠤᠷᠪᠠᠳᠡᠬᠢ ᠵᠢᠯ ᠤᠷᠤᠬᠰᠠᠨ ᠤ ᠳᠠᠷᠠᠭ᠎ᠠ ︵ᠵᠠᠷᠢᠮ ᠭᠠᠵᠠᠷ ᠲᠤ ᠬᠤᠷᠢᠨ ᠳᠠᠪᠤ ᠬᠦᠷᠦᠭᠰᠡᠨ | ᠳᠠᠷᠠᠭ᠎ᠠ᠂ ᠳᠤᠬᠠᠢᠢᠯᠠᠪᠠᠯ ᠬᠤᠶᠠᠳᠡᠬᠢ ᠵᠢᠯ ᠤᠷᠤᠬᠰᠠᠨ ᠤ ᠳᠠᠷᠠᠭ᠎ᠠ︶ ︽ᠡᠷ᠎ᠡ ᠴᠡᠬᠡᠯ ᠳᠤ ᠬᠦᠷᠴᠦ᠂ ᠬᠦᠴᠦ ᠴᠢᠳᠠᠯ ᠪᠦᠷᠢᠳᠦᠵᠦ᠂ ᠲᠣᠮᠣᠴᠤᠤᠯ ᠤᠨ | ᠡᠩᠨᠡᠬᠡᠨ ᠳᠤ ᠤᠷᠤᠬᠰᠠᠨ︾ ᠢᠶᠠᠷ ᠦᠵᠡᠵᠦ᠂ ︽ᠨᠤᠶᠠᠨ ᠰᠠᠭᠤᠬᠤ᠂ ᠳᠦᠷᠦᠬᠦᠦ ᠬᠤᠳᠠ ᠶᠠᠪᠤᠬᠤ᠂ ᠰᠢᠬᠦᠰᠦ ᠶᠢ ᠳᠠᠪᠠ ᠪᠠᠷ ᠢᠶᠠᠨ ᠢᠳᠡᠬᠦ᠂ | ᠠᠷᠢᠬᠢᠨ ᠤ ᠳᠡᠬᠡᠵᠢ ᠶᠢ ᠠᠮᠰᠠᠬᠤ ᠵᠡᠷᠬᠡ ᠬᠢᠷᠢ ᠬᠡᠮ ᠲᠠᠢ︾ ᠪᠤᠯᠳᠠᠬ ᠪᠦᠬᠡᠳ ᠠᠷᠢᠬᠢ ᠬᠠᠶᠢᠷᠠᠯᠠᠵᠦ ᠪᠤᠯᠬᠤ ᠪᠤᠯᠤᠭᠠᠳ ᠰᠠᠶ᠋ᠢ ᠰᠢᠷᠡᠬᠡᠨ ᠳᠤ ᠰᠠᠭᠤᠨ | ᠠᠷᠢᠬᠢ ᠤᠤᠭᠤᠵᠤ ᠪᠤᠯᠳᠠᠬ ᠶᠤᠮ᠃ ᠭᠤᠴᠢᠨ ᠳᠣᠯᠤᠭ᠎ᠠ ᠬᠦᠷᠬᠦ ᠠᠴᠠ ᠡᠮᠦᠨ᠎ᠡ ᠠᠷᠢᠬᠢᠨ ᠳᠤ ᠰᠢᠨᠤᠬᠤ ᠨᠢ ᠶᠤᠰᠤ ᠮᠤᠷᠠᠯ ᠦᠬᠡᠢ ᠬᠦᠮᠦᠨ ᠳᠤ | ᠳᠤᠭᠠᠴᠠᠬᠳᠠᠵᠦ᠂ ᠬᠦᠮᠦᠰ ᠲᠤ ᠵᠢᠭᠰᠢᠭᠳᠡᠵᠦ᠂ ᠨᠡᠶᠢᠬᠡᠮ ᠳᠤ ᠭᠤᠯᠤᠬᠳᠠᠬᠤ ᠶᠤᠮ᠃ | ᠬᠤᠶᠠᠷ᠂ ᠠᠷᠢᠬᠢ ᠪᠠᠷᠢᠬᠤ ᠶᠤᠰᠤ ᠠᠷᠢᠬᠢ ᠪᠠᠷᠢᠬᠤ ᠨᠢ ᠮᠤᠩᠭᠤᠯ ᠦᠨᠳᠦᠰᠦᠳᠡᠨ ᠤ ᠨᠠᠶᠢᠷ ᠢᠶᠠᠨ ᠰᠠᠶᠢᠬᠠᠨ ᠶᠠᠪᠤᠬᠳᠠᠭᠤᠯᠵᠦ᠂ ᠳᠠᠶᠢᠯᠠᠯᠭ᠎ᠠ ᠪᠠᠨ | ᠬᠦᠭᠵᠢᠬᠡᠵᠦ᠂ ᠬᠦᠮᠦᠨ ᠵᠠᠭᠤᠷ᠎ᠡ ᠶᠢᠨ ᠬᠠᠷᠢᠯᠴᠠᠭ᠎ᠠ ᠪᠠᠨ ᠪᠠᠬᠢᠵᠢᠬᠦᠯᠬᠦ ᠳᠤ ᠪᠠᠶᠢᠩᠭᠤ ᠬᠡᠷᠡᠭᠯᠡᠳᠡᠭ ᠬᠦᠨᠳᠦᠯᠡᠬᠦ ᠶᠤᠰᠤᠨ ᠮᠦᠨ᠃ ᠠᠷᠢᠬᠢ ᠪᠠᠷᠢᠬᠤ | ᠶᠣᠰᠣ ᠨᠢ ᠴᠡᠭᠡ ᠪᠠᠷᠢᠬᠤ ᠠᠴᠠ ᠡᠬᠢᠯᠡᠳᠡᠭ᠃ ᠮᠤᠩᠭᠤᠯ ᠦᠨᠳᠦᠰᠦᠳᠡᠨ ᠤ ︽ᠨᠠᠢᠮᠠᠨ ᠡᠷᠬᠢᠮᠰᠦᠭ ᠢᠳᠡᠬᠡᠨ︾ ᠲᠠᠬᠢ ︽ᠬᠠᠰ ᠴᠠᠭᠠᠨ ᠡᠬᠡᠳᠡᠩ︾ | ᠬᠡᠳᠡᠭ ᠨᠢ ᠳᠠᠷᠤᠢ ᠴᠡᠭᠡ ᠶᠢ ᠬᠡᠯᠡᠵᠦ ᠪᠤᠢ᠃ ᠳᠡᠶᠢᠮᠦ ᠠᠴᠠ ᠲᠡᠭᠦᠨ ᠢ ᠸᠠᠩ ᠬᠦᠩ ᠢᠵᠠᠭᠤᠷᠳᠠᠨ ᠤ ᠳᠠᠶᠢᠯᠠᠯᠭ᠎ᠠ ᠶᠢᠨ ᠡᠳ᠋ ᠢᠶᠠᠷ ᠦᠵᠡᠵᠦ᠂ ᠠᠯᠤᠰ | ᠬᠤᠯᠠ ᠳᠠᠬᠢ ᠬᠦᠬᠡᠮᠦ᠋ᠷᠡᠨ᠂ ᠠᠭᠤᠯᠠ ᠤᠰᠤ᠂ ᠰᠦᠯᠳᠡ ᠶᠢᠨ ᠲᠠᠬᠢᠯᠭ᠎ᠠ᠂ ᠨᠤᠶᠠᠨ ᠰᠠᠭᠤᠵᠦ ᠵᠡᠷᠬᠡ ᠵᠢᠩᠰᠡ ᠦᠰᠬᠦ᠂ ᠬᠡᠬᠡᠨ ᠬᠤᠪᠢᠯᠭᠠᠨ ᠪᠠᠭᠤᠬᠤ᠂ | ᠪᠤᠷᠬᠠᠨ ᠱᠠᠰᠢᠨ ᠤ ᠴᠣᠯᠠ ᠬᠠᠶᠢᠷᠠᠯᠠᠬᠤ ᠵᠡᠷᠬᠡ ᠴᠢᠬᠤᠯᠠ ᠶᠡᠭᠡ ᠶᠤᠰᠤᠯᠠᠯ ᠵᠢᠴᠢ ᠳᠠᠶᠢᠯᠠᠯᠭ᠎ᠠ ᠨᠠᠶᠢᠷ ᠬᠢᠬᠦ ᠪᠡ ᠶᠡᠷᠦ ᠶᠢᠨ ᠦᠶ᠎ᠠ ᠳᠤ ᠵᠤᠴᠢᠨ | ᠳᠠᠶᠢᠯᠠᠬᠤ ᠳᠤ ᠪᠦᠷ ᠴᠡᠭᠡ ᠶᠢ ᠭᠤᠤᠯ ᠪᠠᠶᠢᠷᠢᠨ ᠳᠤ ᠳᠠᠯᠪᠢᠨ ᠠᠮᠳᠠᠯᠠᠵᠦ ᠵᠤᠭᠤᠬᠳᠠᠳᠠᠬ᠃ ᠨᠠᠶᠢᠷ ᠲᠤ ᠤᠷᠤᠯᠴᠠᠬᠤ ᠬᠦᠮᠦᠰ ᠨᠢ ᠨᠠᠶᠢᠷ ᠤᠨ | ᠠᠬᠠᠯᠠᠬᠴᠢ ᠶᠢᠨ ᠵᠦᠪᠰᠢᠶᠡᠷᠡᠯ ᠦᠬᠡᠢ ᠪᠠᠷ ᠳᠤᠷ᠎ᠡ ᠪᠠᠷ ᠢᠶᠠᠨ ᠵᠤᠭᠤᠬ ᠳᠡᠯᠬᠡᠵᠦ᠂ ᠳᠤᠷ᠎ᠡ ᠪᠠᠷ ᠢᠶᠠᠨ ᠤᠷᠤᠵᠦ ᠭᠠᠷᠴᠤ᠂ ᠳᠤᠷ᠎ᠡ ᠪᠠᠷ ᠢᠶᠠᠨ | ᠰᠠᠭᠤᠳᠠᠯ ᠢᠶᠠᠨ ᠰᠤᠯᠢᠵᠦ ᠪᠤᠯᠳᠠᠬ ᠦᠬᠡᠢ᠃ ᠳᠡᠷᠡᠴᠢᠯᠡᠨ ᠶᠠᠮᠠᠷ ᠦᠶ᠎ᠠ ᠳᠤ ᠶᠠᠮᠠᠷ ᠳᠠᠭᠤᠤ ᠳᠠᠭᠤᠯᠠᠬᠤ᠂ ᠶᠠᠮᠠᠷ ᠢᠷᠥᠭᠡᠯ ᠤᠨ ᠦᠬᠡ ᠬᠡᠯᠡᠬᠦ︔ ᠶᠠᠮᠠᠷ | ᠦᠶ᠎ᠠ ᠳᠤ ᠶᠠᠮᠠᠷ ᠶᠤᠰᠤᠯᠠᠯ ᠬᠢᠬᠦ ᠳᠤ ᠪᠦᠷ ᠳᠤᠬᠳᠠᠬᠰᠠᠨ ᠳᠠᠷᠠᠭᠠᠯᠠᠯ ᠳᠡᠰ ᠪᠠ ᠶᠤᠰᠤ ᠵᠦᠢ ᠲᠠᠢ ᠪᠠᠶᠢᠳᠠᠬ᠃ ᠡᠯ᠎ᠠ ᠭᠠᠵᠠᠷ ᠤᠨ ᠠᠷᠢᠬᠢ ᠪᠠᠷᠢᠬᠤ | ᠶᠤᠰᠤ ᠨᠢ ᠬᠡᠳᠦ᠋ᠢᠪᠡᠷ ᠬᠡᠳᠤᠨ ᠬᠤᠨᠳᠠᠭ᠎ᠠ ᠠᠷᠢᠬᠢ ᠪᠠᠷᠢᠬᠤ᠂ ᠠᠷᠢᠬᠢᠨ ᠳᠠᠭᠤᠤ᠂ ᠢᠷᠤᠭᠡᠯ ᠮᠠᠬᠳᠠᠭᠠᠯ ᠤᠨ ᠦᠭᠡ ᠨᠢ ᠵᠠᠷᠢᠮ ᠭᠠᠵᠠᠷ ᠲᠤ ᠪᠠᠨ ᠠᠳᠠᠯᠢ | ᠪᠤᠰᠤ ᠪᠠᠶᠢᠵᠤ᠂ ᠵᠤᠷᠢᠯᠭ᠎ᠠ᠂ ᠶᠤᠰᠤᠯᠠᠯ᠂ ᠴᠠᠬ ᠬᠤᠭᠤᠴᠠᠭ᠎ᠠ ᠶᠢᠨ ᠬᠢᠵᠠᠭᠠᠷᠯᠠᠯ ᠨᠢ ᠪᠦᠷ ᠦᠡᠳᠤᠰᠤᠨ ᠳᠤ ᠪᠠᠨ ᠠᠳᠠᠯᠢ ᠪᠠᠶᠢᠳᠠᠬ᠃ | ᠭᠤᠷᠪᠡ᠂ ᠭᠤᠷᠪᠠᠨ ᠡᠭᠡᠯᠵᠢ ᠬᠡᠯᠪᠡᠷᠢ ᠶᠢᠨ ᠠᠷᠢᠬᠢ ᠪᠠᠷᠢᠬᠤ ᠶᠤᠰᠤ ᠡᠨᠡ ᠨᠢ ᠦᠢᠷᠡᠳ ᠤᠨ ᠲᠤᠷᠭᠤᠳ ᠠᠶᠢᠮᠠᠬ ᠤᠭᠰᠠᠭ᠎ᠠ ᠶᠢᠨ ᠬᠤᠶᠢᠴᠢᠰ | ᠪᠤᠯᠬᠤ᠂ ᠤᠳᠤᠬᠠᠨ ᠠᠯᠠᠱᠨ ᠠᠶᠢᠮᠠᠭ ᠤᠨ ᠡᠵᠡᠨ᠎ᠡ ᠬᠤᠰᠢᠭᠤᠨ ᠤ ᠮᠤᠩᠭᠤᠯ ᠦᠡᠳᠤᠰᠤᠳᠠᠨ ᠤ ᠠᠷᠢᠬᠢ ᠪᠠᠷᠢᠬᠤ ᠶᠤᠰᠤ ᠪᠤᠯᠤᠨ᠎ᠡ᠃ ᠡᠵᠡᠨ᠎ᠡ ᠮᠤᠩᠭᠤᠯ | ᠦᠡᠳᠤᠰᠤᠳᠠᠨ ᠤ ᠬᠦᠮᠤᠨ ᠠᠷᠢᠬᠢ ᠪᠠᠷᠢᠬᠤ ᠬᠦᠮᠤᠨ ᠠᠷᠢᠬᠢᠨ ᠯᠤᠩᠬᠤᠨ ᠤ ᠠᠮᠠᠰᠠᠷ ᠢ ᠨᠡᠭᠡᠭᠡᠭᠰᠡᠨ ᠤ ᠰᠠᠬᠦᠯᠠᠷ᠂ ᠠᠷᠢᠬᠢᠨ ᠬᠤᠨᠳᠠᠭ᠎ᠠ ᠳᠣᠲᠣᠷ᠎ᠠ ᠪᠠᠨ | ᠭᠡᠳᠤᠨ ᠲᠤᠰᠤᠯ ᠠᠷᠢᠬᠢ ᠲᠤᠰᠠᠭᠠᠵᠤ᠂ ᠪᠠᠷᠠᠭᠤᠨ ᠭᠠᠷ ᠢᠶᠠᠷ ᠢᠶᠠᠨ ᠲᠡᠭᠡᠭᠰᠢ ᠡᠷᠬᠦᠨ ᠨᠠᠷᠠᠨ ᠤ ᠡᠷᠬᠢᠯᠳᠡ ᠶᠢᠨ ᠴᠢᠭᠯᠡᠯ ᠢᠶᠠᠷ ᠲᠤᠯᠤᠭᠠᠢ ᠲᠡᠭᠡᠬᠦᠷ ᠢᠶᠠᠨ | ᠡᠷᠬᠢᠬᠦᠯᠵᠤ ᠠᠷᠢᠬᠢ ᠪᠠᠷᠢᠨ᠎ᠡ᠃ ᠭᠡᠷ ᠲᠤᠳᠤᠷ᠎ᠡ ᠰᠠᠭᠤᠵᠤ ᠪᠠᠶᠢᠬᠤ ᠪᠦᠬᠦ ᠬᠦᠮᠤᠰ ᠪᠠᠷᠠᠭᠤᠨ ᠭᠠᠷ ᠢᠶᠠᠨ ᠬᠦᠡᠭᠭᠡᠨ ᠵᠠᠩᠬᠢᠳᠴᠤ ᠤᠬ ᠤᠷᠤᠨ ᠳᠤ ᠪᠠᠨ | ᠵᠤᠬᠰᠤᠵᠤ ᠲᠤᠯᠤᠭᠠᠢ ᠲᠡᠭᠡᠬᠦᠷ ᠢᠶᠠᠨ ᠡᠷᠬᠢᠬᠦᠯᠬᠦ ᠶᠢᠨ ᠬᠠᠮᠳᠤ᠂ ᠡᠷᠡᠭᠡᠢ ᠬᠤᠷᠤᠭᠤ ᠶᠢᠨ ᠢᠶᠠᠨ ᠦᠵᠦᠬᠦᠷ ᠢᠶᠠᠨ ᠮᠠᠩᠨᠠᠢ ᠲᠡᠭᠡᠷ᠎ᠡ ᠪᠠᠨ ᠲᠠᠯᠪᠢᠵᠤ ᠶᠤᠰᠤ | ᠬᠦᠢᠴᠡᠳᠭᠡᠨ᠎ᠡ᠃ ᠡᠨᠡᠬᠦ ᠬᠢᠳᠡᠯ ᠨᠢ ︽ᠠᠷᠢᠬᠢ ᠰᠡᠷᠵᠢᠮᠯᠡᠵᠤ ᠮᠦᠷᠬᠦᠬᠦ︾ ᠭᠡᠵᠤ ᠬᠡᠯᠡᠨ᠎ᠡ᠃ ᠬᠳᠳᠠᠭᠠᠨ ᠲᠤᠳᠤᠷ᠎ᠡ ᠪᠠᠨ ᠪᠠᠰᠨ ᠨᠢᠭᠡ ᠪᠠᠭ᠎ᠠ ᠠᠷᠢᠬᠢ | ᠲᠤᠰᠤᠯᠭᠠᠵᠤ ᠭᠠᠯ ᠲᠤᠭᠤᠭᠠᠨ ᠳᠤ ᠪᠠᠨ ᠡᠷᠬᠦᠨ᠎ᠡ᠃ ᠭᠤᠷᠪᠠᠳᠤᠭᠠᠷ ᠤᠳᠠᠭ᠎ᠠ ᠨᠢ ᠠᠷᠢᠬᠢ ᠪᠠᠨ ᠭᠡᠮᠨᠠᠵᠤ ᠲᠦᠬᠦᠷᠭᠡᠭᠡᠳ ᠢᠷᠡᠭᠰᠡᠨ ᠵᠤᠴᠢᠳ ᠤᠨ | ᠬᠠᠮᠤᠭ ᠤᠨ ᠨᠠᠰᠤ ᠠᠬᠢᠮᠠᠭ ᠨᠢ ᠡᠬᠢᠯᠡᠵᠤ ᠠᠷᠢᠬᠢ ᠪᠠᠷᠢᠨ᠎ᠡ᠃ ᠠᠷᠢᠬᠢᠨ ᠬᠤᠨᠳᠠᠭ᠎ᠠ ᠲᠤᠰᠤᠬᠰᠠᠨ ᠬᠦᠮᠤᠨ᠂ ᠠᠷᠢᠬᠢᠨ ᠬᠤᠳᠠᠭ᠎ᠠ ᠶᠢ ᠬᠤᠶᠠᠷ | ᠭᠠᠷ ᠢᠶᠠᠷ ᠢᠶᠠᠨ ᠲᠤᠰᠤᠨ ᠠᠪᠤᠬᠰᠠᠨ ᠤ ᠲᠠᠷᠠᠭ᠎ᠠ᠂ ᠠᠷᠢᠬᠢᠨ ᠬᠤᠨᠳᠠᠭ᠎ᠠ ᠪᠠᠨ ᠵᠡᠬᠦᠨ ᠭᠠᠷ ᠲᠤ ᠪᠠᠨ ᠰᠢᠯᠵᠢᠬᠦᠯᠵᠤ ᠪᠠᠷᠠᠭᠤᠨ ᠭᠠᠷ ᠢᠶᠠᠷ ᠢᠶᠠᠨ ︽ | ᠠᠷᠢᠬᠢ ᠪᠠᠨ ᠰᠡᠷᠵᠢᠮᠯᠠᠵᠤ︾ ᠶᠤᠰᠤᠨ ᠬᠦᠢᠴᠡᠳᠭᠡᠨ᠂ ᠲᠠᠬᠢᠨ ᠠᠷᠢᠬᠢ ᠪᠠᠨ ᠪᠠᠷᠠᠭᠤᠨ ᠭᠠᠷ ᠲᠤ ᠪᠠᠨ ᠰᠢᠯᠵᠢᠬᠦᠯᠬᠦ ᠶᠢᠨ ᠬᠠᠮᠳᠤ ᠠᠮᠰᠠᠭᠠᠳ ᠲᠠᠬᠢᠵᠤ | ᠪᠤᠴᠠᠭᠠᠵᠤ ᠦᠭᠬᠦᠨ᠎ᠡ᠃ ᠠᠷᠢᠬᠢ ᠪᠠᠷᠢᠬᠤ ᠬᠦᠮᠤᠨ ᠠᠷᠢᠬᠢᠨ ᠬᠤᠨᠳᠠᠭ᠎ᠠ ᠪᠠᠨ ᠲᠦᠬᠦᠷᠭᠡᠭᠰᠡᠨ ᠤ ᠰᠡᠬᠦᠯᠠᠷ᠂ ᠲᠠᠷᠠᠭ᠎ᠠ ᠨᠢᠭᠡ ᠵᠤᠴᠢᠨ ᠳᠤ ᠪᠠᠨ ᠪᠠᠷᠢᠵᠤ᠂ | ᠢᠡᠭᠬᠢᠵᠤ ᠨᠠᠷᠠᠨ ᠡᠷᠬᠢᠯᠳᠡ ᠴᠢᠭᠯᠡᠯ ᠢᠶᠠᠷ ᠵᠤᠴᠢᠨ ᠪᠦᠷᠢ ᠳᠤ ᠠᠷᠢᠬᠢ ᠭᠡᠮᠨᠠᠵᠤ ᠠᠮᠰᠠᠭᠤᠯᠤᠨ᠎ᠠ︾᠃ ᠡᠨᠡᠬᠦ ᠲᠠᠰ ᠲᠠᠷᠠᠭᠠᠯᠠᠯ ᠢᠶᠠᠷ ᠭᠤᠷᠪᠠᠳᠤᠭᠠᠷ | ᠡᠭᠡᠯᠵᠢ ᠶᠢᠨ ᠠᠷᠢᠬᠢ ᠪᠠᠷᠢᠬᠤ ᠦᠶ᠎ᠡ ᠳᠤ᠂ ᠵᠤᠴᠢᠳ ᠬᠤᠨᠳᠠᠭ᠎ᠠ ᠲᠠᠢ ᠠᠷᠢᠬᠢ ᠪᠠᠨ ᠵᠠᠪᠠᠯ ᠪᠠᠯᠭᠤᠵᠤ ᠲᠠᠭᠤᠰᠬᠠᠨ᠎ᠡ᠃ ᠡᠨᠡᠬᠦ ᠶᠤᠰᠤ ᠶᠢ ︽ | ᠭᠤᠷᠪᠠᠳᠤᠭᠠᠷ ᠡᠭᠡᠯᠵᠢ ᠬᠡᠯᠪᠡᠷᠢ ᠶᠢᠨ ᠠᠷᠢᠬᠢ ᠪᠠᠷᠢᠬᠤ︾ ᠶᠤᠰᠤ ᠭᠡᠮᠡᠳᠡᠭ᠃ | ᠲᠦᠷᠪᠡ᠂ ᠬᠤᠶᠠᠳᠤᠭᠠᠷ ᠤᠳᠠᠭ᠎ᠠ ᠶᠢᠨ ᠬᠡᠯᠪᠡᠷᠢ ᠶᠢᠨ ᠠᠷᠢᠬᠢ ᠪᠠᠷᠢᠬᠤ ᠶᠣᠰᠣ ᠲᠦᠷᠪᠡᠨ ᠪᠦᠯᠦᠭ ᠦᠢᠷᠡᠳ ᠪᠡ ᠲᠤᠷᠭᠤᠳ ᠠᠶᠢᠮᠠᠬ | ᠤᠬᠰᠠᠭ᠎ᠠ ᠶᠢᠨ ᠬᠤᠶᠢᠴᠢᠰ ᠤᠳᠤ ᠦᠪᠤᠷ ᠮᠣᠩᠭᠤᠯ ᠤᠨ ᠠᠯᠠᠱᠨ ᠵᠡᠬᠦᠨ ᠬᠤᠰᠢᠭᠤ᠂ ᠠᠯᠠᠱᠨ ᠪᠠᠷᠠᠭᠤᠨ ᠬᠤᠰᠢᠭᠤᠨ ᠤ ᠮᠤᠩᠭᠤᠯ ᠦᠡᠳᠤᠰᠤᠳᠠᠨ ᠤ | ᠬᠦᠮᠤᠰ ︽ᠠᠷᠢᠬᠢ᠂ ᠰᠠᠴᠤᠬᠤ︾ ᠭᠡᠵᠤ ᠨᠡᠷᠡᠯᠡᠵᠤ ᠪᠤᠢ᠃ ᠠᠷᠢᠬᠢ ᠪᠠᠷᠢᠬᠤ ᠬᠦᠮᠤᠨ ᠠᠷᠢᠬᠢᠨ ᠯᠤᠩᠬᠤᠨ ᠤ ᠠᠮᠠᠰᠠᠷ ᠢᠶᠠᠨ ᠨᠡᠭᠡᠭᠡᠭᠰᠡᠨ ᠤ ᠰᠠᠬᠦᠯᠠᠷ᠂ | ᠠᠷᠢᠬᠢᠨ ᠬᠤᠨᠳᠠᠭ᠎ᠠ ᠪᠠᠨ ᠲᠦᠬᠦᠷᠭᠡᠮᠡᠭᠴᠨ ᠰᠢᠭᠤᠳ ᠵᠤᠴᠢᠳ ᠲᠤ ᠪᠠᠨ ᠪᠠᠷᠢᠳᠠᠬ ᠪᠤᠯᠵᠠᠢ᠃ ᠪᠠᠷᠢᠬᠰᠠᠨ ᠠᠷᠢᠬᠢ ᠶᠢ ᠲᠤᠰᠤᠬᠰᠠᠨ ᠤ ᠰᠡᠬᠦᠯᠠᠷ᠂ ᠨᠢᠭᠡ | ᠵᠢᠭᠠᠬᠠᠨ ᠠᠮᠰᠠᠵᠤ ᠲᠠᠬᠢᠨ ᠬᠤᠳᠠᠭ᠎ᠠ ᠲᠠᠢ ᠪᠠᠨ ᠠᠷᠢᠬᠢ ᠪᠤᠴᠠᠭᠠᠵᠤ ᠦᠭᠬᠦᠨ᠎ᠡ᠃ ᠠᠷᠢᠬᠢ ᠪᠠᠷᠢᠬᠰᠠᠳ ᠲᠠᠬᠢᠨ ᠬᠤᠨᠳᠠᠭ᠎ᠠ ᠪᠠᠨ ᠲᠦᠬᠦᠷᠭᠡᠵᠤ ᠪᠠᠰᠨ | ᠡᠨᠡ ᠬᠦᠮᠤᠨ ᠳᠤ ᠬᠤᠶᠠᠳᠤᠭᠠᠷ ᠤᠳᠠᠭ᠎ᠠ ᠠᠷᠢᠬᠢ ᠪᠠᠷᠢᠬᠤ ᠦᠶ᠎ᠡ ᠳᠤ ︽ᠵᠨ᠂ ᠵᠤᠭᠤᠬᠯᠨ᠂ ᠬᠠᠶᠢᠷᠠᠯᠨ︕︾ ᠭᠡᠵᠤ ᠭᠡᠯᠡᠭᠡᠳ ᠠᠷᠢᠬᠢᠨ ᠶᠤᠰᠤ | ᠬᠦᠢᠴᠡᠳᠭᠡᠨ᠎ᠡ᠃ ᠠᠷᠢᠬᠢ ᠶᠢ ᠲᠤᠰᠤᠬᠰᠠᠨ ᠬᠦᠮᠤᠨ ᠬᠤᠶᠠᠳᠤᠭᠠᠷ ᠤᠳᠠᠭ᠎ᠠ ᠨᠢ ᠪᠤᠯ ᠵᠠᠪᠠᠯ ᠪᠠᠯᠭᠤᠵᠤ ᠲᠠᠭᠤᠰᠬᠠᠬᠤ ᠶᠤᠰᠤᠳᠠᠢ᠃ ᠡᠨᠡᠬᠦ ᠶᠤᠰᠤ ᠶᠢ | ᠰᠠᠭᠤᠵᠤ ᠪᠠᠶᠢᠭ᠎ᠠ ᠵᠤᠴᠢᠳ ᠤᠨ ᠬᠠᠮᠤᠭ ᠤᠨ ᠠᠬᠠᠮᠠᠳ ᠠᠴᠠ ᠨᠢ ᠡᠬᠢᠯᠠᠵᠤ ᠲᠡᠰ ᠲᠠᠷᠠᠭᠠᠯᠠᠯ ᠢᠶᠠᠷ ᠠᠷᠢᠬᠢ ᠪᠠᠷᠢᠬᠤ ᠶᠤᠰᠤ ᠶᠢ ᠬᠦᠢᠴᠡᠳᠭᠡᠳᠡᠭ᠂ | ᠡᠭᠦᠨ ᠢ ᠲᠡᠷᠤᠢ ᠬᠤᠶᠠᠳᠤᠭᠠᠷ ᠤᠳᠠᠭ᠎ᠠ ᠶᠢᠨ ᠬᠡᠯᠪᠡᠷᠢ ᠶᠢᠨ ᠠᠷᠢᠬᠢ ᠪᠠᠷᠢᠬᠤ ᠶᠤᠰᠤ ᠭᠡᠵᠤ ᠭᠡᠯᠡᠳᠡᠭ᠃ ᠬᠤᠶᠠᠳᠤᠭᠠᠷ ᠤᠳᠠᠭ᠎ᠠ ᠶᠢᠨ ᠬᠡᠯᠪᠡᠷᠢ ᠶᠢᠨ | ᠠᠷᠢᠬᠢ ᠪᠠᠷᠢᠬᠤ ᠶᠤᠰᠤ ᠨᠢ ᠪᠤᠢ ᠪᠦᠬᠦᠢ ᠬᠦᠮᠤᠰ ᠬᠤᠶᠠᠷ ᠴᠢᠬᠢ ᠪᠠᠷ ᠢᠶᠠᠨ ᠰᠠᠶᠢᠨ ᠮᠡᠳᠡᠭᠡ ᠵᠠᠩᠬᠢ ᠶᠢ ᠰᠤᠨᠤᠰᠴᠤ᠂ ᠠᠯᠠᠬ ᠬᠤᠶᠠᠷ ᠨᠢᠳᠤ ᠪᠠᠷ ᠢᠶᠠᠨ | ᠬᠠᠮᠤᠭ ᠤᠨ ᠰᠠᠶᠢᠬᠠᠨ ᠶᠠᠭᠤᠮ᠎ᠠ ᠪᠦᠬᠦᠨ ᠢ ᠤᠯᠵᠤ ᠬᠠᠷᠠᠨ᠂ ᠠᠵᠢᠯᠴᠢ ᠬᠤᠶᠠᠷ ᠭᠠᠷ ᠢᠶᠠᠷ ᠢᠶᠠᠨ ᠭᠡᠷ ᠤᠷᠤᠨ ᠪᠡ ᠠᠵᠢᠯ ᠦᠢᠯᠡᠰ ᠢᠶᠠᠨ ᠡᠬᠦᠳᠤᠨ | ᠪᠠᠶᠢᠭᠤᠯᠵᠤ᠂ ᠬᠤᠶᠠᠷ ᠬᠦᠮᠤᠨ ᠨᠢᠭᠤᠷ ᠤᠴᠠᠷᠠᠮᠠᠬᠴᠨ ᠰᠠᠶ᠋ᠢ ᠬᠤᠪᠢ ᠢᠷᠦᠭᠡᠯ ᠬᠦᠨ ᠵᠤᠵᠠᠭᠠᠨ ᠬᠠᠶᠢᠷ᠎ᠡ ᠰᠡᠳᠬᠢᠯᠭᠡ ᠲᠠᠢ ᠪᠤᠯᠬᠤ ᠶᠤᠰᠤ ᠵᠢᠷᠤᠮ ᠲᠠᠢ | ᠪᠤᠯᠵᠤ ᠴᠢᠳᠠᠳᠠᠬ ᠭᠡᠰᠡᠨ ᠤᠳᠬ᠎ᠠ ᠶᠢ ᠪᠡᠯᠭᠡᠳᠡᠵᠤ ᠪᠠᠶᠢᠳᠠᠬ᠃ | ᠳᠠᠪᠤ᠂ ᠰᠡᠷᠵᠢᠮᠯᠡᠭᠦ ᠶᠢᠨ ᠶᠤᠰᠤᠨ ᠠᠷᠢᠬᠢ᠂ ᠰᠦ᠂ ᠬᠦᠭᠡ ᠴᠠᠢ ᠰᠡᠷᠵᠢᠮᠯᠡᠭᠦ᠃ ᠰᠡᠷᠵᠢᠮᠯᠡᠭᠦ ᠶᠤᠰᠤ ᠪᠤᠯ ᠤᠤᠭᠤᠬᠤ ᠪᠠᠷ ᠪᠠᠶᠢᠭ᠎ᠠ ᠠᠷᠢᠬᠢ ᠶᠢᠨ | ᠳᠤᠳᠤᠷ᠎ᠡ᠂ ᠪᠠᠷᠠᠭᠤᠨ ᠭᠠᠷ ᠤᠨ ᠢᠳᠠᠮ ᠬᠤᠷᠤᠭᠤ ᠪᠠᠨ ᠲᠦᠷᠢᠨ ᠳᠡᠭᠡᠭᠰᠢ ᠭᠤᠷᠪᠠ ᠤᠳᠠᠭ᠎ᠠ ᠡᠷᠭᠦᠨ ᠰᠠᠴᠤᠳᠠᠭ ᠵᠠᠩᠰᠢᠯ ᠢ ᠵᠢᠭᠠᠵᠤ ᠪᠠᠶᠢᠨ᠎ᠠ᠃ | ᠭᠤᠷᠪᠠ ᠤᠳᠠᠭ᠎ᠠ ᠳᠡᠭᠡᠭᠰᠢ ᠡᠷᠭᠦᠨ ᠰᠠᠴᠤᠳᠠᠭ ᠠᠭᠤᠯᠭ᠎ᠠ ᠪᠤᠯ᠂ ᠨᠢᠭᠡ ᠨᠢ ︽ᠬᠦᠭᠡ ᠳᠡᠭᠷᠢ ᠠᠮᠤᠭᠤᠯᠠᠩ ᠪᠤᠯᠤᠭ︾᠂ ᠬᠤᠶᠠᠷ ᠨᠢ ︽ᠬᠦᠷᠦᠰᠦᠳᠦ | ᠳᠡᠯᠡᠭᠡᠢ ᠠᠮᠤᠭᠤᠯᠠᠩ ᠪᠤᠯᠤᠭ︾᠂ ᠭᠤᠷᠪᠠ ᠨᠢ ︽ᠬᠦᠮᠦᠨ ᠵᠤᠨ ᠠᠮᠤᠭᠤᠯᠠᠩ ᠪᠤᠯᠤᠭ︾ ᠪᠤᠯᠤᠨ᠎ᠠ᠃ ᠮᠤᠩᠭᠤᠯᠴᠤᠳ ᠠᠷᠢᠬᠢ ᠶᠢ ᠢᠳᠡᠭᠡᠨ ᠤ ᠤᠬᠢ | ᠤᠮᠳᠠᠭᠠᠨ ᠤ ᠳᠡᠭᠡᠵᠢ ᠪᠠᠷ ᠦᠵᠡᠳᠡᠭ᠂ ᠡᠶᠢᠮᠦ ᠠᠴᠠ ᠲᠡᠭᠦᠨ ᠢᠶᠠᠷ ᠢᠶᠠᠨ ᠳᠠᠮᠵᠢᠨ ᠬᠦᠮᠦᠨ ᠵᠤᠨ ᠤ ᠬᠠᠮᠤᠭ ᠰᠠᠶᠢᠬᠠᠨ ᠬᠦᠰᠡᠯ ᠵᠥᠩᠨᠡᠯ ᠤᠨ | ᠰᠡᠳᠬᠢᠯᠭᠡ ᠪᠠᠨ ᠢᠯᠡᠳᠭᠡᠳᠡᠭ ᠪᠠᠶᠢᠨ᠎ᠠ᠃ | ᠵᠢᠷᠭᠤᠭ᠎ᠠ᠂ ᠠᠷᠢᠬᠢ ᠴᠡᠭᠡᠷᠯᠡᠭᠦ ᠶᠤᠰᠤᠨ ᠮᠤᠩᠭᠤᠯᠴᠤᠳ ᠠᠷᠢᠬᠢ ᠶᠢ ᠢᠳᠡᠭᠡᠨ ᠤ ᠤᠬᠢ ᠤᠮᠳᠠᠭᠠᠨ ᠤ ᠳᠡᠭᠡᠵᠢ ᠪᠠᠷ ᠬᠦᠨᠳᠦᠳᠭᠡᠳᠡᠭ ᠪᠤᠯᠬᠤᠷ᠂ | ᠠᠷᠢᠬᠢ ᠤᠤᠭᠤᠬᠤ ᠶᠢᠨ ᠳᠤᠭᠳᠠᠭᠰᠠᠨ ᠶᠤᠰᠤ ᠪᠠᠶᠢᠬᠤ ᠠᠴᠠ ᠭᠠᠳᠠᠨ᠎ᠠ᠂ ᠪᠠᠰᠠ ᠤᠯᠠᠨ ᠲᠠᠯ᠎ᠠ ᠶᠢᠨ ᠴᠡᠭᠡᠷᠯᠡᠯ ᠪᠤᠢ᠃ ᠬᠡᠳᠦᠷᠡᠳᠡᠯ᠎ᠠ ᠤᠤᠭᠤᠬᠤ᠂ | ᠪᠠᠯᠠᠷᠳᠠᠯ᠎ᠠ ᠰᠤᠭᠳᠤᠬᠤ ᠠᠴᠠ ᠴᠡᠭᠡᠷᠯᠡᠳᠡᠭ᠃ ᠮᠤᠩᠭᠤᠯᠴᠤᠳ ︽40 ᠬᠦᠷᠴᠦ ᠲᠦᠩᠭᠡᠵᠢ ᠠᠮᠰᠠ᠂ 50 ᠬᠦᠷᠴᠦ ᠳᠠᠯᠪᠢᠵᠤ ᠠᠮᠰᠠ᠂ 60 ᠬᠦᠷᠴᠦ | ᠵᠢᠷᠭᠠᠵᠤ ᠠᠮᠰᠠ︾ ᠬᠡᠭᠦ ᠪᠤᠶᠤ ︽ᠠᠷᠢᠬᠢ ᠳᠠᠩᠳᠠᠪᠠᠯ ᠠᠮᠢᠳᠤ ᠶᠢᠨ ᠳᠠᠮᠤ ᠳᠤ ᠤᠨᠠᠨ᠎ᠠ︾ ᠭᠡᠳᠡᠭ ᠬᠦᠨᠵᠡᠭᠡᠢ ᠳᠠᠨᠢᠯᠳᠠ ᠲᠠᠢ᠃ ᠡᠶᠢᠮᠦ ᠠᠴᠠ ᠨᠠᠶᠢᠷ | ᠨᠠᠭᠠᠳᠤᠮ ᠳᠤ ᠭᠤᠷᠪᠠᠨ ᠬᠤᠨᠳᠠᠭ᠎ᠠ ᠠᠴᠠ ᠬᠡᠲᠦᠷᠡᠭᠦᠯᠬᠦ ᠶᠢ ᠴᠡᠭᠡᠷᠯᠡᠳᠡᠭ᠃ ᠠᠷᠢᠬᠢ ᠳᠠᠷᠠᠰᠤ ᠤᠤᠭᠤᠭᠰᠠᠨ ᠤ ᠰᠡᠭᠦᠯᠡᠷ᠂ ᠳᠡᠭᠦᠨ ᠢ ︽ᠭᠠᠰᠢᠭᠤᠨ︾ | ᠡᠰᠡᠭᠦᠯ᠎ᠠ ︽ᠳᠤᠭᠰᠢᠨ︾ ᠭᠡᠵᠤ ᠬᠡᠯᠡᠭᠦ ᠠᠴᠠ ᠴᠡᠭᠡᠷᠯᠡᠳᠡᠭ᠂ ᠤᠴᠢᠷ ᠨᠢ ᠮᠤᠩᠭᠤᠯᠴᠤᠳ ᠠᠷᠢᠬᠢ ᠶᠢ ᠢᠳᠡᠭᠡᠨ ᠤ ᠤᠬᠢ ᠰᠢᠮ᠎ᠡ ᠤᠮᠳᠠᠭᠠᠨ ᠤ ᠰᠠᠶᠢᠨ | ᠳᠡᠭᠡᠵᠢ ᠪᠠᠷ ᠦᠵᠡᠳᠡᠭ ᠪᠠᠶᠢᠨ᠎ᠠ᠂ ᠡᠶᠢᠮᠦ ᠠᠴᠠ ᠲᠡᠭᠦᠨ ᠢ ᠭᠠᠰᠢᠭᠤᠨ ᠪᠤᠶᠤ ᠳᠤᠭᠰᠢᠨ ᠭᠡᠵᠤ ᠬᠡᠯᠡᠵᠤ ᠪᠤᠯᠬᠤ ᠦᠭᠡᠢ᠂ ᠮᠤᠩᠭᠤᠯᠴᠤᠳ ᠤᠨ | ᠰᠡᠳᠬᠢᠯ ᠳᠤ ᠠᠷᠢᠬᠢ ᠪᠤᠯ ᠠᠩᠬᠢᠯᠤᠮ᠎ᠠ ᠰᠠᠶᠢᠬᠠᠨ ᠠᠮᠳᠠᠳᠦ ᠢᠳᠡᠭᠡᠨ ᠪᠤᠯᠤᠨ᠎ᠠ᠃ ᠵᠤᠭᠰᠤᠭ᠎ᠠ ᠪᠠᠷ ᠢᠶᠠᠨ ᠠᠷᠢᠬᠢ ᠠᠮᠰᠠᠬᠤ ᠪᠤᠶᠤ ᠠᠷᠢᠬᠢ ᠤᠤᠭᠤᠬᠤ ᠶᠢ | ᠴᠡᠭᠡᠷᠯᠡᠳᠡᠭ᠃ ᠠᠷᠢᠬᠢᠨ ᠳᠤ ᠰᠢᠨᠤᠬᠤ ᠶᠢ ᠴᠡᠭᠡᠷᠯᠡᠳᠡᠭ᠂ ᠡᠰᠡᠪᠡᠯ ᠠᠷᠢᠬᠢᠨ ᠴᠢᠳᠬᠦᠷ ᠪᠤᠯᠵᠤ᠂ ᠪᠡᠶ᠎ᠠ ᠶᠢ ᠳᠠᠷᠴᠢᠯᠠᠭᠠᠨ᠂ ᠶᠠᠪᠤᠳᠠᠯ ᠳᠤ ᠰᠠᠭᠠᠳ ᠪᠤᠯᠵᠤ᠂ | ᠬᠡᠳᠦᠷᠡᠪᠡᠯ ᠠᠮᠢ ᠪᠠᠨ ᠴᠦ ᠠᠯᠳᠠᠬᠤ ᠪᠤᠯᠤᠨ᠎ᠠ᠃ ᠡᠴᠢᠭᠡ ᠡᠭᠡ᠂ ᠠᠬᠠᠮᠠᠳ ᠦᠶ᠎ᠡ ᠶᠢᠨ ᠡᠮᠦᠨ᠎ᠡ ᠠᠷᠢᠬᠢ ᠤᠤᠭᠤᠬᠤ ᠳᠠᠮᠠᠬᠢ ᠳᠠᠳᠠᠬᠤ ᠶᠢ ᠴᠡᠭᠡᠷᠯᠡᠳᠡᠭ | ᠃ ᠬᠡᠷᠪᠡ ᠨᠡᠭᠡᠷᠡᠨ ᠬᠠᠷᠢᠯᠴᠠᠭ᠎ᠠ ᠶᠠᠪᠤᠯᠴᠠᠭ᠎ᠠ ᠠᠴᠠ ᠪᠤᠯᠵᠤ ᠠᠷᠢᠬᠢ ᠤᠤᠭᠤᠬᠤ ᠴᠢᠬᠤᠯᠠᠳᠠᠢ ᠪᠤᠯ ᠡᠴᠢᠭᠡ ᠡᠭᠡ ᠠᠴᠠ ᠪᠠᠨ ᠵᠦᠪᠰᠢᠶᠡᠷᠡᠯ ᠤᠯᠵᠤ᠂ | ᠶᠣᠰᠣ ᠦᠢᠯᠡ ᠶᠢᠨ ᠴᠢᠨᠠᠷ ᠲᠠᠢ ᠪᠠᠭ᠎ᠠ ᠤᠤᠭᠤᠳᠠᠭ ᠪᠠᠶᠢᠨ᠎ᠠ᠃ ᠠᠷᠢᠬᠢ ᠪᠠᠷᠢᠬᠤ ᠦᠶ᠎ᠠ ᠵᠤᠴᠢᠨ ᠳᠤ ᠬᠦᠮᠦᠨ ᠤ ᠭᠠᠷ ᠳᠡᠭᠡᠷ᠎ᠡ ᠠᠷᠢᠬᠢ ᠬᠡᠮᠨᠡᠭᠦ ᠶᠢ | ᠴᠡᠭᠡᠷᠯᠡᠳᠡᠭ᠂ ᠡᠷᠬᠡᠪᠰᠢ ᠬᠤᠨᠳᠠᠭ᠎ᠠ ᠶᠢ ᠳᠤᠰᠤᠨ ᠠᠪᠤᠭᠰᠠᠨ ᠤ ᠰᠡᠭᠦᠯᠡᠷ᠂ ᠠᠷᠢᠬᠢ ᠬᠡᠮᠨᠡᠭᠰᠡᠨ ᠤ ᠳᠠᠷᠠᠭ᠎ᠠ ᠬᠤᠶᠠᠷ ᠭᠠᠷ ᠢᠶᠠᠷ ᠢᠶᠠᠨ ᠡᠷᠭᠦᠨ ᠪᠠᠷᠢᠳᠠᠭ᠂ | ᠡᠰᠡᠪᠡᠯ ᠵᠣᠴᠢᠨ ᠢᠶᠠᠨ ᠬᠥᠡᠭᠭᠡᠪᠴᠢᠯᠡᠵᠥ ᠪᠠᠶᠢᠭ᠎ᠠ ᠶᠠᠪᠤᠳᠠᠯ ᠪᠣᠯᠣᠨ᠎ᠠ᠃ | |