︽ᠬᠤᠷᠢᠶᠠᠩᠭᠤᠢ ᠠᠯᠳᠠᠨ ᠲᠤᠪᠴᠢ︾ ᠳᠤ ᠢᠯᠡᠷᠡᠭᠰᠡᠨ ᠠᠲᠣᠭᠤᠨ ᠤ 37 ᠵᠢᠰᠣᠮ
ᠨᠡᠶᠢᠲᠡᠯᠡᠭᠰᠡᠨ ᠴᠠᠭ᠄
2024/5/14
     ︽ᠬᠤᠷᠢᠶᠠᠩᠭᠤᠢ ᠠᠯᠳᠠᠨ ᠲᠤᠪᠴᠢ︾ ᠳᠤ ᠢᠯᠡᠷᠡᠭᠰᠡᠨ ᠠᠲᠣᠭᠤᠨ ᠤ ᠵᠢᠰᠣᠮ ᠪᠣᠯᠣᠨ ᠲᠡᠭᠦᠨ ᠤ ᠣᠨᠴᠠᠯᠢᠭ ᠰᠢᠨᠵᠢ ᠶᠢ ᠠᠵᠢᠭᠯᠠᠬᠤ ᠳᠤ ᠪᠠᠷᠠᠭᠤᠨ ᠮᠣᠩᠭᠤᠯ ᠳᠤ ᠬᠡᠷᠡᠭᠯᠡᠵᠦ ᠪᠠᠶᠢᠭ᠎ᠠ ᠠᠲᠣᠭᠤᠨ ᠤ ᠦᠩᠬᠡ ᠵᠢᠰᠣᠮ ᠬᠡᠯᠡᠯᠭᠡ ᠪᠠᠷ ᠢᠯᠡᠷᠡᠭᠰᠡᠨ ᠨᠢ ᠣᠯᠠᠨ᠃ ︽ᠮᠣᠷᠢ︾ ᠭᠡᠬᠦ ᠦᠭᠡ ︽ᠮᠣᠷᠢᠨ ︾ ᠭᠡᠵᠣ ᠢᠯᠡᠷᠡᠭᠰᠡᠨ᠂ ᠬᠤᠯᠠ ᠮᠣᠷᠢᠨ᠂ ᠦᠷᠢᠶ᠎ᠡ ᠮᠣᠷᠢᠨ ᠭᠡᠬᠦ ᠮᠡᠲᠦ᠃ ︽ᠠᠵᠢᠷᠭ᠎ᠠ︾ ᠶᠢ ︽ᠠᠵᠢᠷᠭᠠᠨ︾ ᠭᠡᠵᠣ ᠪᠢᠴᠢᠭᠰᠡᠨ᠂ ︽ᠰᠢᠷᠭᠠᠯ᠂ ᠰᠢᠷᠭ᠎ᠠ︾ ᠭᠡᠰᠡᠨ ᠵᠢᠰᠣᠮ ᠨᠢ ︽ᠰᠢᠷᠬᠤᠯᠢ︾ ᠭᠡᠵᠣ ᠪᠢᠴᠢᠭᠲᠡᠭᠰᠡᠨ᠂ ︽ᠰᠢᠷᠠᠭᠴᠢ ᠭᠡᠭᠦᠦ︾ ᠭᠡᠰᠡᠨ ᠨᠢ ︽ᠰᠢᠷᠬᠤᠭᠴᠢ ᠬᠦᠦ︾᠂ ︽ᠬᠤᠸᠠ︾ ᠨᠢ ︽ᠬᠤᠸ᠎ᠠ︾ ᠪᠣᠶᠣ ︽ᠭᠤᠸ᠎ᠠ︾ ᠭᠡᠵᠣ ᠪᠢᠴᠢᠭᠰᠡᠨ᠂ ︽ᠬᠦᠷᠦᠰᠣᠨ ᠰᠠᠶᠢᠨ ᠪᠣᠭᠤᠷᠦᠯ ᠮᠣᠷᠢ︾ ᠭᠡᠰᠡᠨ ᠨᠢ ︽ᠭᠦᠷᠢᠰᠣᠨ ᠰᠠᠶᠢᠨ ᠪᠣᠭᠤᠷᠣᠯ ᠮᠣᠷᠢ︾ ᠭᠡᠬᠦ ᠮᠡᠲᠦ ᠪᠢᠴᠢᠭᠲᠡᠨ ᠢᠯᠡᠷᠡᠵᠡᠢ᠃ ︽ᠬᠤᠷᠢᠶᠠᠩᠭᠤᠢ ᠠᠯᠳᠠᠨ ᠲᠤᠪᠴᠢ︾ ᠳᠠᠬᠢ 37 ᠣᠨᠣᠭᠠᠨ ᠤ ᠵᠢᠰᠣᠮ᠂ ᠣᠨᠣᠭᠠᠨ ᠤ ᠡᠵᠡᠨ᠂ ᠮᠣᠷᠢ᠂ ᠭᠡᠭᠦᠦ᠂ ᠠᠵᠢᠷᠭ᠎ᠠ ᠵᠡᠷᠭᠡ ᠶᠢ ᠠᠩᠬᠢᠯᠠᠪᠠᠯ᠄     1. ᠲᠠᠵᠢᠷ ᠪᠤᠷᠤ ᠬᠤᠶᠠᠷ ᠬᠦᠯᠦᠭ — ᠲᠠᠵᠢᠷ ᠪᠤᠷᠤ ᠨᠢ ᠬᠤᠶᠠᠭᠤᠯᠠ ᠪᠠᠨ ᠪᠤᠷᠤ ᠥᠩᠭᠡ ᠶᠢᠨ ᠵᠢᠰᠤᠮ ᠢ ᠬᠡᠯᠡᠵᠤ ᠪᠠᠶᠢᠨ᠎ᠠ᠃ ᠲᠣᠸᠠ ᠰᠣᠬᠤᠷ ᠤᠨ ᠬᠤᠶᠠᠷ ᠬᠦᠯᠦᠭ ᠤᠨ ᠵᠢᠰᠣᠮ᠃     2. ᠭᠤᠤᠯ ᠳᠤᠮᠳᠠ ᠲᠠᠭᠠᠷᠢ ᠲᠠᠢ ᠬᠤᠳᠤᠩ ᠰᠢᠷᠬᠤᠯᠢ — ᠨᠢᠷᠤᠭᠤ ᠨᠢ ᠡᠮᠡᠭᠡᠯ ᠤᠨ ᠬᠠᠪᠳᠠᠰᠤᠨ ᠳᠤ ᠰᠢᠵᠠᠷᠠᠵᠤ ᠰᠢᠷᠬ᠎ᠠ ᠪᠤᠯᠵᠤ᠂ ᠶᠠᠷ᠎ᠠ ᠲᠠᠢ ᠱᠤᠳᠤᠩ ᠰᠡᠭᠦᠯ ᠲᠠᠢ ᠤᠯᠠᠭᠠᠨ ᠰᠢᠷᠭᠠᠯ ᠮᠤᠷᠢ᠃ ᠪᠣᠲᠣᠨᠴᠠᠷ ᠭᠤᠤᠯ ᠳᠤᠮᠳᠠ ᠲᠠᠭᠠᠷᠢ ᠲᠠᠢ ᠬᠤᠳᠤᠩ ᠰᠢᠷᠬᠤᠯᠢ ᠮᠣᠷᠢᠨ ᠤ ᠠᠴᠢ ᠪᠠᠷ ᠠᠩ ᠭᠦᠷᠦᠭᠡ ᠬᠢᠵᠣ᠂ ᠲᠠᠯ ᠰᠡᠬᠦᠯ ᠢᠶᠠᠷ ᠨᠢ ᠣᠷᠬ᠎ᠠ ᠲᠠᠯᠪᠢᠵᠣ᠂ ᠠᠮᠢ ᠵᠢᠭᠤᠨ ᠠᠮᠢᠲᠣᠷᠠᠵᠣ ᠪᠠᠶᠢᠵᠡᠢ᠃     3. ᠰᠢᠷᠭᠠᠯ ᠳᠠᠭᠠᠲᠠᠢ ᠬᠡᠦᠬᠡᠨ — ᠪᠢᠭᠲᠡᠷ ᠠᠬ᠎ᠠ ᠨᠢ ᠲᠡᠭᠦᠦ ᠪᠣᠲᠣᠨᠴᠠᠷ ᠢᠶᠠᠨ ᠡᠷᠢᠬᠦ ᠳᠤ ︽ᠰᠢᠷᠭᠠᠯ ᠳᠠᠭᠠᠲᠠᠢ ᠬᠡᠦᠬᠡᠨ︾ ᠭᠡᠵᠣ ᠰᠣᠷᠠᠭᠯᠠᠨ ᠣᠯᠵᠡᠢ᠃ ᠦᠨᠡᠨ ᠳᠡᠭᠡᠨ ᠪᠣᠲᠣᠨᠴᠠᠷ ᠭᠤᠤᠯ ᠳᠤᠮᠳᠠ ᠲᠠᠭᠠᠷᠢ ᠲᠠᠢ ᠬᠤᠳᠤᠩ ᠰᠢᠷᠬᠤᠯᠢ ᠶᠢ ᠣᠨᠣᠵᠣ ᠶᠠᠪᠣᠵᠡᠢ᠃ ᠡᠭᠦᠨ ᠠᠴᠠ ᠦᠵᠡᠬᠦ ᠳᠤ ᠡᠨᠡ ᠬᠤᠶᠡᠷ ᠭᠠᠵᠠᠷ ᠨᠣᠲᠤᠭ ᠤᠨ ᠶᠠᠷᠢᠶᠠᠨ ᠤ ᠵᠣᠷᠢᠶ᠎ᠡ᠃ ᠡᠨᠡ ᠨᠣᠲᠤᠭ ᠤᠨ ᠠᠷᠠᠳ ᠭᠤᠤᠯ ᠳᠤᠮᠳᠠ ᠲᠠᠭᠠᠷᠢ ᠲᠠᠢ ᠬᠤᠳᠤᠩ ᠰᠢᠷᠬᠤᠯᠢ ᠵᠢᠰᠣᠮ ᠢ ᠰᠢᠷᠭᠠᠯ ᠵᠢᠰᠣᠮ ᠭᠡᠬᠦ ᠪᠠᠶᠢᠬ᠎ᠠ᠃ ᠰᠢᠷᠭᠠᠯ ᠳᠠᠭᠠᠲᠠᠢ ᠭᠡᠬᠦ ᠦᠭᠡᠨ ᠠᠴᠠ ᠠᠵᠢᠭᠯᠠᠬᠤ ᠳᠤ ᠭᠤᠤᠯ ᠳᠤᠮᠳᠠ ᠲᠠᠭᠠᠷᠢ ᠲᠠᠢ ᠬᠤᠳᠤᠩ ᠰᠢᠷᠬᠤᠯᠢ ᠶᠢᠨ ᠪᠡᠶ᠎ᠡ ᠪᠠᠭ᠎ᠠ᠂ ᠣᠨᠴᠠ ᠰᠠᠶᠢᠨ ᠮᠣᠷᠢᠨ ᠤ ᠰᠢᠨᠵᠢ ᠲᠠᠢ ᠭᠡᠰᠡᠨ ᠤ ᠢᠯᠡᠷᠡᠯ᠃     4. ᠨᠠᠢᠮᠠᠨ ᠱᠢᠷᠭ᠎ᠠ ᠠᠭᠲᠠ — ᠴᠠᠭᠠᠨ ᠰᠢᠷ᠎ᠠ ᠵᠢᠰᠣᠮ ᠤᠨ ᠨᠠᠢᠮᠠᠨ ᠮᠤᠷᠢᠳ᠃ ᠨᠠᠢᠮᠠᠨ ᠱᠢᠷᠭ᠎ᠠ ᠠᠭᠲᠠ ᠢ ᠪᠢᠭᠲᠡᠷ ᠬᠠᠷᠠᠵᠣ ᠰᠠᠭᠤᠵᠣ ᠪᠠᠶᠢᠬᠤ ᠪᠠᠷ ᠬᠠᠮᠤᠭ ᠲᠡᠷᠢᠬᠦᠨ ᠳᠤ ᠢᠯᠡᠷᠡᠵᠡᠢ᠃     5. ᠡᠷᠮᠡᠭ ᠴᠠᠭᠠᠭᠴᠢᠨ — ᠣᠨᠠᠭᠠᠯᠡᠲᠠᠭ ᠦᠭᠡᠢ ᠴᠠᠭᠠᠨ ᠴᠠᠶᠢᠪᠣᠷ ᠵᠢᠰᠣᠮ ᠤᠨ ᠭᠡᠭᠦᠦ᠃ ᠭᠡᠭᠦᠦ᠂ ᠦᠨᠢᠶ᠎ᠡ ᠵᠡᠷᠭᠡ ᠡᠬᠡ ᠮᠠᠯ ᠤᠨ ᠵᠢᠰᠣᠮ ᠢ ᠬᠡᠯᠡᠬᠦ ᠳᠡᠭᠡᠨ ︽ᠴᠢᠨ︾ ᠲᠠᠭᠠᠯᠲᠣᠭᠤᠯᠣᠨ᠎ᠠ᠃ ᠬᠦᠷᠡᠭᠴᠢ ᠭᠡᠭᠦᠦ᠂ ᠬᠦᠷᠡᠭᠴᠢ ᠦᠨᠢᠶ᠎ᠡ ᠭᠡᠭᠦ ᠮᠡᠲᠣ᠃ ᠡᠷᠮᠡᠭ ᠴᠠᠭᠠᠭᠴᠢᠨ ᠪᠣᠯ ᠲᠣᠷᠭᠠᠨ ᠰᠢᠷ᠎ᠠ ᠲᠡᠮᠣᠵᠢᠨ ᠳᠤ ᠪᠠᠷᠢᠵᠣ ᠣᠨᠣᠭᠤᠯᠵᠣ ᠶᠠᠪᠣᠭᠤᠯᠵᠡᠢ᠃ ᠡᠷᠮᠡᠭ ᠴᠠᠭᠠᠭᠴᠢᠨ ᠢᠶᠠᠨ ᠣᠨᠣᠵᠣ᠂ ᠡᠰᠡᠭᠡᠢ ᠳᠠᠬᠤ ᠪᠠᠨ ᠪᠦᠭᠲᠦᠷᠡᠵᠦ ᠭᠡᠵᠣ ᠬᠤᠶᠠᠲᠡᠬᠢ ᠤᠲᠠᠭ᠎ᠠ ᠢᠯᠡᠷᠡᠵᠡᠢ᠃     6. ᠲᠠᠷᠭᠢ ᠬᠤᠩᠭᠤᠷ — ᠣᠯᠠᠭᠠᠨ ᠬᠤᠸᠠ ᠵᠢᠰᠣᠮ ᠤᠨ ᠮᠣᠷᠢ᠃ ᠪᠡᠯᠭᠡᠲᠡᠢ ᠲᠠᠷᠭᠢ ᠬᠤᠩᠭᠤᠷ ᠢ ᠣᠨᠣᠵᠣ ᠠᠩ ᠳᠤ ᠶᠠᠪᠣᠵᠡᠢ᠃     7. ᠬᠤᠪᠠ ᠴᠣᠬᠤᠷ ᠮᠣᠷᠢᠨ — ᠬᠤᠪᠠ ᠭᠡᠲᠡᠭ ᠨᠢ ᠬᠦᠯᠲᠡᠭᠰᠡᠨ ᠪᠣᠶᠣ ᠡᠯᠡᠭᠲᠡᠭᠡᠳ ᠴᠢᠬᠢᠨ ᠤ ᠦᠵᠦᠬᠦᠷ ᠦᠭᠡᠢ ᠶᠢ ᠬᠡᠯᠡᠲᠡᠭ᠃ ᠬᠤᠯᠠᠭᠠᠷ ᠬᠡᠵᠣ ᠴᠦ ᠬᠡᠯᠡᠲᠡᠭ᠃ ᠣᠲᠣᠮ᠂ ᠡᠷᠴᠢ ᠰᠠᠶᠢᠲᠠᠢ ᠭᠡᠭᠦᠦ ᠡᠷᠲᠡ ᠡᠪᠣᠯ ᠤᠨ ᠬᠦᠢᠲᠡᠨ ᠳᠤ ᠣᠨᠠᠭᠠᠯᠠᠲᠠᠭ ᠣᠴᠢᠷ ᠠᠴᠠ ᠣᠨᠠᠭᠠᠨ ᠤ ᠴᠢᠬᠢ ᠨᠢ ᠬᠦᠯᠲᠡᠭᠡᠳ ᠬᠤᠯᠠᠭᠠᠷ ᠬᠤᠪᠠ ᠪᠣᠯᠲᠠᠭ᠃ ᠡᠶᠢᠮᠣ ᠠᠴᠠ ᠪᠣᠬᠤᠷᠴᠢ ᠶᠢᠨ ᠬᠤᠪᠠ ᠴᠣᠬᠤᠷ ᠪᠣᠯ ᠣᠲᠣᠮ ᠰᠠᠶᠢᠲᠠᠢ ᠮᠣᠷᠢ ᠭᠡᠲᠡᠭ ᠨᠢ ᠢᠯᠡᠷᠬᠡᠢ ᠪᠠᠶᠢᠨ᠎ᠠ᠃ ᠲᠡᠶᠢᠮᠣ ᠠᠴᠠ ᠲᠡᠮᠣᠵᠢᠨ ᠳᠤ ᠰᠠᠶᠢᠨ ᠮᠣᠷᠢ ᠪᠠᠨ ᠣᠨᠣᠭᠤᠯᠵᠡᠢ᠃     8. ᠤᠷᠤᠭ ᠰᠢᠷᠭᠠᠯ ᠮᠤᠷᠢ — ᠣᠷᠤᠭ ᠭᠡᠵᠣ ᠴᠠᠶᠢᠪᠣᠷ ᠵᠢᠰᠣᠮ ᠳᠤ ᠬᠠᠷ᠎ᠠ᠂ ᠬᠦᠷᠠᠩ ᠵᠢᠰᠣᠮ ᠬᠤᠯᠢᠯᠲᠣᠭᠰᠠᠨ ᠵᠢᠰᠣᠮ᠃ ᠣᠷᠤᠭ ᠰᠢᠷᠭᠠᠯ ᠭᠡᠲᠡᠭ ᠪᠣᠯ ᠰᠢᠷᠭ᠎ᠠ ᠵᠢᠰᠣᠮ ᠳᠤ ᠪᠣᠷᠣ ᠪᠠᠷᠡᠭᠠᠨ ᠬᠤᠯᠢᠯᠲᠣᠭᠰᠠᠨ ᠢ ᠵᠢᠭᠠᠵᠣ ᠪᠠᠶᠢᠨ᠎ᠠ᠃ ᠪᠣᠬᠤᠷᠴᠢ᠂ ᠲᠡᠮᠣᠵᠢᠨ ᠨᠠᠢᠮᠠᠨ ᠰᠢᠷᠭ᠎ᠠ ᠶᠢ ᠡᠷᠢᠵᠣ ᠶᠠᠪᠣᠬᠤ ᠳᠤ ᠣᠨᠣᠭᠰᠠᠨ ᠮᠣᠷᠢ ᠨᠢ ᠤᠷᠤᠭ ᠰᠢᠷᠭᠠᠯ᠃     9. ᠪᠦᠬᠦ ᠲᠤᠷ ᠬᠤᠩᠭᠤᠷ ᠮᠣᠷᠢᠨ — ᠣᠯᠡᠭᠠᠨ ᠬᠤᠸᠠ ᠵᠢᠰᠣᠮ ᠤᠨ ᠪᠦᠭᠲᠦᠷ ᠵᠣ ᠲᠠᠢ ᠮᠣᠷᠢ᠃ ᠪᠦᠭᠲᠦᠷ ᠵᠣ ᠲᠠᠢ ᠮᠣᠷᠢ ᠨᠢ ᠰᠢᠷᠪᠣᠰᠣ ᠰᠠᠶᠢᠨ᠂ ᠬᠤᠷᠳᠤ ᠰᠠᠶᠢᠲᠠᠢ᠂ ᠬᠤᠷᠲᠣᠨ ᠰᠠᠶᠢᠨ ᠮᠣᠷᠢᠨ ᠤ ᠰᠢᠨᠵᠢ ᠲᠠᠢ ᠪᠠᠶᠢᠲᠠᠭ᠃ ᠡᠭᠦᠨ ᠠᠴᠠ ᠦᠵᠡᠬᠦ ᠳᠤ ᠪᠣᠬᠤᠷᠴᠢ ᠶᠢᠨ ᠣᠨᠣᠬᠤ ᠲᠣᠷᠠᠲᠠᠢ ᠰᠠᠶᠢᠨ ᠮᠣᠷᠢ᠃ ᠪᠣᠬᠤᠷᠴᠢ ᠪᠦᠭᠲᠦᠷ ᠬᠤᠩᠭᠤᠷ ᠢᠶᠠᠨ ᠣᠨᠣᠭᠠᠳ ᠪᠡᠯᠭᠡᠲᠡᠢ ᠲᠠᠢ ᠬᠠᠮᠲᠣ ᠲᠡᠮᠣᠵᠢᠨ ᠳᠤ ᠣᠴᠢᠵᠡᠢ᠃    10. ᠰᠠᠶᠢᠨ ᠰᠠᠮᠣᠴᠢᠨ ᠭᠡᠭᠴᠢ ᠮᠣᠷᠢᠨ — ᠰᠠᠮᠣᠴᠢᠨ ᠭᠡᠲᠡᠭ ᠨᠢ ᠮᠠᠭᠤᠬᠠᠢ ᠠᠭᠠᠰᠢ ᠲᠠᠢ ᠮᠣᠷᠢ ᠡᠮᠣᠨ᠎ᠡ ᠬᠤᠶᠠᠷ ᠬᠥᠯ ᠢᠶᠠᠷ ᠢᠶᠠᠨ ᠴᠠᠪᠴᠢᠵᠣ ᠲᠠᠭᠠᠷᠢᠬᠤ ᠶᠢ ᠬᠡᠯᠡᠨ᠎ᠡ᠃ ᠰᠠᠮᠣᠷᠲᠠᠬᠤ ᠪᠣᠶᠣ ᠬᠠᠮᠣᠷᠲᠠᠬᠤ ᠭᠡᠲᠡᠭ᠃ ᠰᠠᠶᠢᠨ ᠰᠠᠮᠣᠴᠢᠨ ᠭᠡᠭᠴᠢ ᠪᠣᠯ ᠡᠩ ᠤᠨ ᠬᠥᠮᠥᠨ ᠣᠶᠢᠷᠠᠲᠣᠬᠤ ᠶᠢᠨ ᠠᠷᠭ᠎ᠠ ᠦᠭᠡᠢ ᠭᠡᠰᠡᠨ ᠦᠭᠡ᠃ ᠰᠠᠶᠢᠨ ᠰᠠᠮᠣᠴᠢᠨ ᠭᠡᠭᠴᠢ ᠮᠣᠷᠢᠨ ᠶᠢ ᠬᠠᠰᠠᠷ ᠣᠨᠣᠵᠠᠢ᠃     11. ᠬᠤᠷᠪᠠᠯᠣᠨ ᠵᠢᠭᠡᠷᠲᠡ — ᠵᠢᠭᠡᠷᠲᠡ ᠭᠡᠲᠡᠭ ᠨᠢ ᠵᠡᠭᠡᠷᠲᠡ᠃ ᠬᠦᠷᠡᠩ ᠵᠢᠰᠤᠮ ᠤᠨ ᠮᠤᠷᠢ᠂ ᠤᠩᠬᠢ ᠬᠤᠰᠢᠭᠤᠨ ᠤ ᠪᠦᠷᠢᠶᠡᠳ ᠡᠸᠠᠩᠬᠢᠴᠤᠳ ᠬᠦᠷᠡᠩ ᠢ ᠵᠡᠭᠡᠷᠳᠡ ᠭᠡᠨ᠎ᠠ᠃ ᠵᠡᠭᠡᠷ᠎ᠡ ᠶᠢᠨ ᠣᠯᠠᠭᠠᠨ ᠦᠩᠭᠡᠨ ᠠᠴᠠ ᠢᠷᠡᠯᠲᠡ ᠲᠠᠢ᠃ ᠬᠤᠷᠪᠠᠯᠣᠨ ᠵᠢᠭᠡᠷᠲᠡ ᠭᠡᠲᠡᠭ ᠢ ᠠᠷᠬᠠᠰᠣᠨ ᠬᠤᠷᠴᠢ ᠣᠨᠣᠵᠣ ᠭᠤᠷᠪᠠᠨ ᠰᠠᠷ᠎ᠠ ᠶᠠᠪᠣᠬᠤ ᠭᠠᠵᠠᠷ ᠢ ᠭᠤᠷᠪᠠᠨ ᠡᠲᠦᠷ ᠲᠤ ᠬᠦᠷᠦᠭᠰᠡᠨ ᠠᠴᠠ ᠬᠤᠷᠪᠠᠯᠤᠨ ᠭᠡᠰᠡᠨ᠃ ᠬᠤᠷᠪᠠᠯᠤᠨ ᠨᠢ ᠡᠨᠡ ᠵᠡᠭᠡᠷᠲᠡ ᠮᠣᠷᠢᠨ ᠳᠤ ᠦᠭᠭᠦᠭᠰᠡᠨ ᠮᠣᠷᠢᠨ ᠤ ᠴᠣᠯᠠ᠃ ᠬᠤᠷᠪᠠᠯᠣᠨ ᠵᠡᠭᠡᠷᠲᠡ ᠨᠢ ᠬᠤᠷᠳᠤ ᠰᠠᠶᠢᠲᠠᠢ᠂ ᠪᠢᠳ ᠶᠡᠭᠡ ᠲᠠᠢ ᠮᠣᠷᠢ ᠪᠠᠶᠢᠨ᠎ᠠ᠃     12. ᠡᠮᠯᠢᠭ ᠮᠣᠷᠢ — ᠡᠮᠨᠢᠭ ᠮᠣᠷᠢ᠃ ᠰᠣᠷᠭᠠᠭᠰᠠᠨ ᠦᠭᠡᠢ ᠮᠣᠷᠢ ᠡᠰᠡᠬᠦᠯ᠎ᠡ ᠰᠣᠷᠭᠠᠬᠤ ᠨᠠᠰᠥ ᠬᠦᠷᠦᠭᠡᠲᠦᠢ᠃     13. ᠬᠡᠭᠡᠷ ᠠᠵᠢᠷᠭᠠᠨ — ᠳᠡᠯ ᠰᠡᠭᠦᠯ ᠨᠢ ᠪᠠᠷᠡᠭᠠᠨ᠂ ᠬᠥᠷᠡᠩ ᠠᠴᠠ ᠬᠠᠷᠠᠪᠲᠣᠷ᠂ ᠬᠠᠷ᠎ᠠ ᠠᠴᠠ ᠭᠡᠭᠡᠪᠲᠦᠷ ᠵᠢᠰᠣᠮ ᠢ ᠬᠡᠭᠡᠷ ᠵᠢᠰᠣᠮ᠃ ᠪᠠᠷᠡᠭᠠᠨ ᠬᠡᠭᠡᠷ ᠵᠢᠰᠣᠮ ᠤᠨ ᠠᠲᠣᠭᠤ ᠨᠢ ᠴᠠᠭᠠᠨ ᠵᠢᠰᠣᠮ ᠤᠨ ᠠᠲᠣᠭᠤ ᠠᠴᠠ ᠬᠦᠳᠡᠷ᠃ ᠴᠤᠭ ᠵᠢᠪᠬᠤᠭ᠎ᠠ ᠰᠠᠶᠢᠨ᠂ ᠰᠦᠷ ᠰᠦᠯᠳᠡ ᠲᠠᠢ᠃ ᠬᠡᠭᠡᠷ ᠠᠵᠢᠷᠭᠠᠨ ᠢ ᠴᠢᠨᠦ᠂ ᠬᠥᠬᠦᠯ ᠢᠶᠠᠷ ᠭᠦᠷᠢᠵᠣ ᠬᠢᠭᠰᠡᠨ ᠳᠤᠭ ᠰᠦᠯᠳᠡ ᠴᠢᠨᠦ ᠭᠡᠵᠣ ᠢᠯᠡᠷᠡᠵᠡᠢ᠃ ᠡᠬᠦᠨ ᠠᠴᠠ ᠠᠵᠢᠭᠯᠠᠬᠤ ᠳᠤ ᠬᠡᠭᠡᠷ ᠪᠠᠷᠡᠭᠠᠨ ᠵᠢᠰᠣᠮ ᠤᠨ ᠠᠲᠣᠭᠤ ᠨᠢ ᠬᠦᠨᠳᠦᠳᠬᠡᠯ ᠲᠠᠢ ᠭᠡᠰᠡᠨ ᠢ ᠬᠠᠷᠠᠭᠤᠯᠵᠣ ᠪᠠᠶᠢᠨ᠎ᠠ᠃     14. ᠬᠦᠭᠡ ᠪᠤᠷᠤ ᠮᠤᠷᠢ — ᠬᠥᠬᠡ ᠪᠣᠷᠣ ᠭᠡᠲᠡᠭ ᠨᠢ ᠴᠠᠶᠢᠪᠣᠷ ᠴᠠᠭᠠᠨ ᠵᠢᠰᠣᠮ ᠳᠤ ᠬᠡᠭᠡᠷ ᠪᠠᠷᠡᠭᠠᠨ ᠵᠢᠰᠣᠮ ᠬᠤᠯᠢᠯᠲᠣᠪᠠᠯ ᠬᠥᠬᠡ ᠪᠣᠷᠣ ᠵᠢᠰᠣᠮ ᠪᠣᠯᠣᠨ᠎ᠠ᠃ ᠬᠥᠬᠡ ᠪᠣᠷᠣ ᠮᠣᠷᠢ ᠲᠠᠢ ᠪᠣᠵᠢᠬᠢᠷ ᠦᠰᠦᠲᠦ ᠬᠠᠷᠠ ᠬᠦᠮᠦᠨ ᠭᠡᠵᠣ ᠢᠯᠡᠷᠡᠵᠡᠢ᠃     15. ᠬᠤᠯᠠ ᠮᠤᠷᠢᠨ — ᠴᠠᠭᠠᠨ ᠬᠤᠸᠠ ᠵᠢᠰᠣᠮ ᠤᠨ ᠮᠣᠷᠢ᠃ ᠬᠤᠯᠠᠨ ᠲᠠᠬᠢ ᠶᠢᠨ ᠵᠢᠰᠦᠮ ᠠᠴᠠ ᠢᠷᠡᠯᠲᠠᠢ᠃ ᠡᠵᠡᠨ ᠵᠦᠪᠰᠢᠶᠡᠷᠡᠭᠡᠳ ᠥᠪᠡᠷ ᠤᠨ ᠵᠢᠬᠦᠷ ᠲᠤ ᠬᠤᠯᠠ ᠮᠣᠷᠢᠨ ᠢᠶᠠᠨ ᠣᠨᠣᠭᠤᠯᠵᠣ ᠢᠷᠡᠨ᠂ ᠡᠮᠡᠭᠡᠨ ᠢ ᠬᠠᠷᠪᠣᠭᠤᠯᠪᠠᠢ ᠭᠡᠵᠦ ᠢᠯᠡᠷᠡᠵᠡᠢ᠃     16. ᠬᠦᠭᠡ ᠬᠠᠯᠵᠢᠨ ᠮᠤᠷᠢ — ᠮᠠᠩᠨᠠᠢ ᠠᠴᠠ ᠲᠤᠭᠤᠭᠰᠢ ᠬᠠᠮᠠᠷ ᠤᠨ ᠦᠵᠦᠭᠦᠷ ᠬᠦᠷᠳᠡᠯᠡᠬᠢ ᠨᠠᠷᠢᠨ ᠴᠠᠭᠠᠨ ᠬᠥᠬᠡ ᠬᠠᠯᠵᠠᠨ ᠵᠢᠰᠣᠮ᠃ ᠬᠦᠭᠡ ᠥᠩᠭᠡ ᠨᠢ ᠮᠤᠷᠢᠨ ᠳᠤ ᠤᠰᠤᠨ ᠤ ᠥᠩᠭᠡ ᠰᠢᠭ ᠵᠢᠰᠤᠮ ᠤᠨ ᠮᠤᠷᠢ ᠶᠢ ᠬᠡᠯᠡᠨ᠎ᠠ᠃ ᠣᠯᠠᠩᠬᠢ ᠨᠣᠳᠤᠭ ᠤᠨ ᠬᠦᠮᠦᠰ ᠬᠠᠯᠵᠢᠨ ᠪᠣᠷᠣ ᠪᠣᠶᠣ ᠬᠠᠯᠵᠢᠨ ᠶᠠᠭᠠᠨ ᠭᠡᠵᠣ ᠭᠡᠯᠡᠲᠡᠭ᠃ ᠱᠢᠭᠦᠰᠦᠲᠠᠢ ᠪᠠᠭᠠᠳᠣᠷ ᠭᠤᠷᠪᠠᠨ ᠲᠠᠪᠬᠤᠷ ᠬᠤᠶᠠᠭ ᠡᠮᠣᠰᠴᠣ᠂ ᠬᠦᠭᠡ ᠬᠠᠯᠵᠢᠨ ᠮᠣᠷᠢᠨ ᠣᠨᠣᠵᠣ ᠭᠡᠵᠣ ᠢᠯᠡᠷᠡᠵᠡᠢ ᠃     17. ᠦᠷᠢᠶ᠎ᠡ ᠮᠣᠷᠢᠨ — ᠦᠷᠢᠶ᠎ᠡ ᠮᠣᠷᠢ ᠭᠡᠲᠡᠭ ᠨᠢ ᠭᠤᠷᠪᠠᠨ ᠨᠠᠰᠣᠲᠠᠢ ᠮᠣᠷᠢ᠃ ᠮᠦᠨ ᠴᠦ ᠰᠢᠲᠣᠯᠡᠩ ᠠᠲᠣᠭᠤ ᠭᠡᠲᠡᠭ᠃ ᠭᠤᠷᠪᠠᠨ ᠨᠠᠰᠣᠲᠠᠢ ᠡᠷ᠎ᠠ ᠶᠢ ᠨᠢ ᠦᠷᠡᠵᠢᠯ ᠤᠨ ᠡᠷᠬᠡᠲᠡᠨ ᠢ ᠠᠪᠬᠤ ᠶᠢ ᠠᠲᠣᠭᠤ ᠠᠭᠲᠠᠯᠠᠬᠤ ᠪᠣᠶᠣ ᠦᠷᠢᠶᠡᠯᠡᠬᠦ ᠭᠡᠲᠡᠭ᠃ ᠬᠦᠯᠦᠨ ᠪᠤᠶᠢᠷ ᠲᠤ ᠦᠷᠢᠶ᠎ᠡ ᠶᠢ ᠬᠠᠭᠠᠷᠢᠵᠣ ᠠᠪᠬᠤ ᠦᠬᠡᠢ᠂ ᠬᠢᠲᠤᠭ᠎ᠠ ᠪᠠᠷ ᠭᠢᠷᠢᠵᠣ᠂ ᠡᠷᠭᠢ ᠴᠢᠮᠬᠦᠷ ᠢᠶᠠᠷ ᠡᠷᠭᠢᠭᠦᠯᠵᠣ ᠠᠪᠲᠠᠭ ᠣᠴᠢᠷ ᠠᠴᠠ ᠬᠢᠲᠣᠭᠠᠨ ᠠᠴᠠ ᠭᠠᠷᠬᠤ ᠭᠡᠲᠡᠭ᠃ ᠦᠷᠢᠶ᠎ᠡ ᠮᠣᠷᠢᠨ ᠢᠶᠠᠨ ᠵᠠᠪᠠᠯᠨᠠᠮ᠂ ᠪᠣᠰᠭᠠᠭᠤᠯ ᠬᠦᠮᠦᠨ ᠢᠶᠠᠷ ᠳᠦᠷᠦ ᠮᠡᠲᠡᠭᠦᠯᠣᠨᠠᠮ ᠭᠡᠵᠣ ᠢᠯᠡᠷᠡᠵᠡᠢ᠃     18. ᠤᠷᠢᠳ ᠬᠠᠷᠠᠭ᠎ᠠ ᠨᠡᠷᠡᠲᠣ ᠮᠣᠷᠢᠨ — ᠬᠠᠷᠠᠭ᠎ᠠ ᠰᠠᠶᠢᠨ᠂ ᠨᠢᠲᠣ ᠲᠣᠮᠣ ᠮᠣᠷᠢ ᠭᠡᠰᠡᠨ ᠪᠠᠶᠢᠬ᠎ᠠ᠃ ᠮᠣᠷᠢ ᠰᠢᠨᠵᠢᠭᠡᠴᠢ ᠨᠠᠷ ᠲᠣᠮᠣ ᠨᠢᠲᠣ ᠲᠠᠢ ᠮᠣᠷᠢ ᠶᠢ ᠰᠠᠶᠢᠨ ᠭᠡᠵᠣ ᠰᠢᠨᠵᠢᠲᠡᠭ᠃ ᠣᠶᠢᠷᠠᠳ ᠤᠨ ᠴᠢᠭᠤᠯᠭᠠᠨ ᠤ ᠬᠤᠶᠢᠨ᠎ᠠ᠂ ᠲᠠᠶᠢᠽᠣᠩ ᠬᠠᠭᠠᠨ ᠠᠴᠠ ᠤᠷᠢᠳ ᠬᠠᠷᠠᠭ᠎ᠠ ᠨᠠᠷᠠᠲᠣ ᠮᠣᠷᠢᠨ ᠢ ᠣᠨᠣᠵᠣ ᠭᠡᠵᠣ ᠢᠯᠡᠷᠡᠵᠡᠢ᠃      19. ᠬᠠᠷᠠ ᠮᠤᠷᠢ — ᠬᠠᠷ᠎ᠠ ᠵᠢᠰᠤᠮ ᠤᠨ ᠮᠤᠷᠢ᠃ ᠬᠠᠭᠠᠨ ᠣᠨᠣᠭᠰᠠᠨ ᠬᠠᠷᠠ ᠮᠣᠷᠢᠨ ᠢᠶᠠᠨ ᠪᠠᠭᠤᠵᠣ ᠥᠭᠴᠥ ᠢᠯᠡᠭᠡᠪᠡ ᠭᠡᠵᠣ ᠢᠯᠡᠷᠡᠵᠡᠢ᠃      20. ᠬᠤᠯᠠᠭᠠᠨ ᠬᠠᠷᠠᠬᠠᠨ ᠨᠡᠷᠡᠲᠣ ᠬᠤᠶᠡᠷ ᠮᠣᠷᠢ — ᠬᠤᠯᠠᠭᠠᠨ ᠬᠠᠷᠠᠬᠠᠨ ᠭᠡᠬᠦ ᠨᠡᠷᠡᠲᠣ ᠬᠤᠶᠠᠷ ᠮᠣᠷᠢ᠃ ᠬᠤᠯᠠᠭᠠᠨ ᠬᠠᠷᠠᠬᠠᠨ ᠨᠡᠷᠡᠲᠣ ᠬᠤᠶᠡᠷ ᠮᠣᠷᠢ ᠢᠨᠣ ᠵᠦᠩᠨᠡᠵᠣ ᠰᠠᠨᠠᠭ᠎ᠠ ᠠᠯᠲᠠᠭᠠᠳ ᠭᠠᠵᠠᠷ ᠢ ᠴᠠᠪᠴᠢᠯᠠᠵᠣ ᠪᠠᠶᠢᠬᠤᠶ᠎ᠠ ᠬᠡᠵᠣ ᠢᠯᠡᠷᠡᠵᠡᠢ᠃      21. ᠡᠷᠡᠮᠡᠭ ᠰᠢᠷᠬᠤᠭᠴᠢ ᠬᠦᠦ — ᠤᠨᠠᠭᠠᠯᠳᠠᠭ ᠦᠭᠡᠢ ᠰᠢᠷ᠎ᠠ ᠵᠢᠰᠤᠮ ᠤᠨ ᠭᠡᠭᠦᠤ᠃ ᠡᠰᠡᠨ ᠲᠠᠶᠢᠰᠢ ᠶᠢᠨ ᠲᠡᠷᠭᠡᠲᠡ ᠣᠶᠠᠭᠰᠠᠨ ᠡᠷᠡᠮᠡᠭ ᠰᠢᠷᠬᠤᠭᠴᠢ ᠬᠦᠦ ᠭᠡᠵᠣ ᠢᠯᠡᠷᠡᠵᠡᠢ᠃      22. ᠬᠤᠷᠳᠤᠨ ᠬᠤᠯᠠ ᠠᠵᠢᠷᠭ᠎ᠠ — ᠤᠨᠤᠬᠤ ᠳᠤ ᠰᠠᠶᠢᠨ ᠬᠤᠷᠳᠦ ᠲᠠᠢ ᠢᠯᠭᠤᠮ ᠶᠠᠪᠣᠲᠠᠯ ᠲᠠᠢ ᠬᠤᠸᠠ ᠠᠵᠢᠷᠭ᠎ᠠ᠃ ᠬᠤᠷᠳᠤᠨ ᠬᠤᠯᠠ ᠠᠵᠢᠷᠭ᠎ᠠ ᠲᠠᠢ ᠶᠢ ᠲᠠᠶᠢᠯᠬᠤᠢ ᠳᠤᠷ ᠲᠥᠩ ᠲᠥᠩ ᠴᠢᠮᠡᠭᠡ ᠭᠠᠷᠣᠮᠣᠢ ᠭᠡᠵᠣ ᠢᠯᠡᠷᠡᠵᠡᠢ᠃      23. ᠡᠷᠡᠮᠡᠭ ᠰᠢᠷᠬᠤᠭᠴᠢᠨ — ᠡᠷᠮᠡᠭ ᠰᠢᠷᠬᠤᠭᠴᠢᠨ᠃ ᠣᠨᠠᠭᠠᠯᠠᠲᠠᠭ ᠦᠭᠡᠢ ᠰᠢᠷᠭ᠎ᠠ ᠭᠡᠭᠦᠦ᠃ ᠬᠤᠭᠤᠷᠴᠠᠭ ᠢ ᠠᠯᠠᠵᠣ ᠡᠷᠡᠮᠡᠭ ᠰᠢᠷᠬᠤᠭᠴᠢᠨ ᠢ ᠠᠪᠴᠣ ᠢᠷᠡᠵᠣ ᠥᠭᠪᠡ ᠭᠡᠵᠦ ᠢᠯᠡᠷᠡᠵᠡᠢ᠃      24. ᠴᠠᠭᠠᠨ ᠬᠦᠢᠰᠤᠳᠦ ᠭᠤᠸ᠎ᠠ ᠮᠤᠷᠢᠨ — ᠬᠦᠢᠰᠣ ᠨᠢ ᠴᠠᠭᠠᠨ᠂ ᠬᠤᠸᠠ ᠮᠣᠷᠢ᠃ ᠮᠣᠯᠠᠨ ᠬᠠᠨ ᠳᠤᠷ ᠴᠠᠭᠠᠨ ᠬᠦᠢᠰᠤᠳᠦ ᠭᠤᠸ᠎ᠠ ᠮᠤᠷᠢᠨ ᠢᠶᠠᠨ ᠣᠨᠣᠭᠤᠯᠵᠣ ᠭᠡᠵᠣ ᠢᠯᠡᠷᠡᠵᠡᠢ᠃      25. ᠰᠢᠷᠭᠠᠯ ᠮᠣᠷᠢᠨ — ᠰᠢᠷᠭ᠎ᠠ ᠮᠣᠷᠢ᠃ ᠮᠣᠯᠠᠨ ᠬᠠᠭᠠᠨ ᠤ ᠥᠰ ᠢ ᠥᠰᠯᠡᠨ᠂ ᠰᠢᠷᠭᠠᠯ ᠮᠣᠷᠢᠨ ᠢᠶᠠᠨ ᠣᠨᠣᠵᠣ ᠮᠠᠭᠤᠯᠢᠬᠠᠢ ᠸᠠᠩ ᠳᠤᠷ ᠴᠡᠷᠢᠭ ᠮᠣᠷᠢᠯᠠᠪᠠᠢ᠃      26. ᠭᠤᠸ᠎ᠠ ᠮᠤᠷᠢᠨ — ᠬᠤᠸᠠ ᠵᠢᠰᠤᠮ ᠤᠨ ᠮᠤᠷᠢᠨ᠃ ᠮᠠᠭᠤᠯᠢᠬᠠᠢ ᠸᠠᠩ ᠭᠤᠸ᠎ᠠ ᠮᠤᠷᠢᠨ ᠢᠶᠠᠨ ᠣᠨᠣᠵᠣ ᠭᠡᠵᠣ ᠢᠯᠡᠷᠡᠵᠡᠢ᠃      27. ᠰᠠᠶᠢᠨ ᠬᠠᠯᠳᠠᠢ ᠮᠣᠷᠢᠨ — ᠣᠨᠣᠬᠤ ᠳᠤ ᠢᠯᠭᠤᠮ ᠰᠠᠶᠢᠨ ᠬᠠᠯᠳᠠᠷ ᠮᠤᠷᠢ᠃ ᠬᠠᠯᠲᠠᠷ ᠭᠡᠲᠡᠭ ᠨᠢ ᠪᠠᠷᠡᠭᠠᠨ ᠬᠡᠭᠡᠷ ᠵᠢᠰᠣᠮ ᠤᠨ ᠮᠦᠷᠲᠡᠭᠡᠨ ᠬᠠᠮᠠᠷ ᠤᠨ ᠦᠵᠣᠭᠦᠷ ᠨᠢ ᠭᠦᠨ ᠥᠩᠭᠡ ᠲᠠᠢ ᠵᠢᠰᠣᠮ᠃ ᠰᠠᠶᠢᠨ ᠬᠠᠯᠳᠠᠢ ᠮᠣᠷᠢᠨ ᠢᠶᠠᠨ ᠪᠠᠭᠤᠵᠣ ᠠᠯᠢᠶ᠎ᠠ ᠨᠠᠭᠠᠴᠣ ᠳᠤᠷ ᠥᠭᠪᠡ ᠭᠡᠵᠦ ᠢᠯᠡᠷᠡᠵᠡᠢ᠃      28. ᠬᠠᠷᠠ ᠮᠣᠷᠢᠨ — ᠬᠠᠷ᠎ᠠ ᠵᠢᠰᠣᠮ ᠤᠨ ᠮᠣᠷᠢ᠃ ᠬᠠᠭᠠᠨ ᠣᠨᠣᠭᠰᠠᠨ ᠬᠠᠷᠠ ᠮᠣᠷᠢᠨ ᠢᠶᠠᠨ ᠪᠠᠭᠤᠵᠣ ᠥᠭᠴᠥ ᠢᠯᠡᠭᠡᠪᠡ ᠭᠡᠵᠦ ᠢᠯᠡᠷᠡᠵᠡᠢ      29. ᠴᠠᠭᠠᠨ ᠰᠢᠷᠭᠠᠯ ᠮᠣᠷᠢ — ᠭᠦᠢᠬᠡᠨ ᠴᠠᠭᠠᠨ ᠴᠠᠶᠢᠪᠣᠷ ᠰᠢᠷᠭ᠎ᠠ ᠵᠢᠰᠣᠮ ᠤᠨ ᠮᠣᠷᠢ᠃ ᠸᠠᠩ ᠤᠨ ᠣᠨᠣᠭᠰᠠᠨ ᠴᠠᠭᠠᠨ ᠰᠢᠷᠭᠠᠯ ᠮᠣᠷᠢ ᠭᠡᠵᠣ ᠢᠯᠡᠷᠡᠵᠡᠢ᠃      30. ᠰᠠᠶᠢᠨ ᠤᠯᠠᠭ᠎ᠠ ᠮᠣᠷᠢᠨ — ᠠᠯᠪᠠ ᠵᠠᠷᠣᠯᠭᠠᠨ ᠳᠤ ᠣᠨᠣᠬᠤ ᠳᠤ ᠢᠯᠭᠤᠮ ᠰᠠᠶᠢᠨ ᠮᠣᠷᠢ᠃      31. ᠴᠠᠭᠠᠨ ᠬᠦᠢᠰᠤᠳᠦ ᠬᠤᠭᠤ ᠮᠤᠷᠢᠨ — ᠬᠦᠢᠰᠤ ᠨᠢ ᠴᠠᠭᠠᠨ ᠬᠤᠭᠤ ᠮᠤᠷᠢ᠃ ᠬᠤᠭᠤ ᠭᠡᠲᠡᠭ ᠨᠢ ᠪᠣᠰᠢᠭᠤ ᠱᠠᠯᠠᠮᠠᠭᠠᠢ ᠪᠣᠰᠣᠳ ᠮᠣᠷᠢ ᠶᠢ ᠪᠣᠳᠣᠪᠠᠯ ᠬᠤᠷᠳᠣ ᠰᠠᠶᠢᠨ᠂ ᠬᠤᠯᠠ ᠰᠣᠭᠤᠷᠴᠣ ᠶᠠᠪᠣᠬᠤ ᠶᠢ ᠬᠡᠯᠡᠨ᠎ᠡ᠃ ᠲᠠᠶᠢᠨ ᠦᠷᠭᠦᠭᠰᠡᠨ ᠢᠶᠠᠷ ᠲᠦᠷᠭᠡᠨ ᠤ ᠭᠤᠣᠯ ᠳᠤᠷ ᠬᠠᠭᠠᠨ ᠤ ᠣᠨᠣᠭᠰᠠᠨ ᠪᠠᠭᠠᠷᠢᠨ ᠤ ᠴᠠᠭᠠᠨ ᠬᠦᠢᠰᠤᠳᠦ ᠬᠤᠭᠤ ᠮᠤᠷᠢᠨ ᠰᠢᠪᠠᠷᠲᠠᠪᠠ ᠭᠡᠵᠦ ᠢᠯᠡᠷᠡᠵᠡᠢ᠃      32. ᠰᠠᠶᠢᠨ ᠬᠤᠭᠤ ᠬᠠᠯᠵᠢᠨ ᠮᠤᠷᠢ — ᠮᠠᠩᠨᠠᠢ ᠠᠴᠠ ᠬᠠᠮᠠᠷ ᠳᠠᠭᠠᠨ ᠬᠦᠷᠳᠡᠯ᠎ᠠ ᠵᠣᠷᠠᠮ᠎ᠠ ᠴᠠᠭᠠᠨ ᠵᠢᠰᠣᠮ ᠤᠨ ᠱᠠᠯᠠᠮᠠᠭᠠᠢ ᠮᠣᠷᠢ᠃ ᠪᠣᠰᠣᠳ ᠤᠨ ᠲᠣᠬᠤᠨ ᠰᠠᠶᠢᠨ ᠬᠤᠭᠤ ᠬᠠᠯᠵᠢᠨ ᠮᠣᠷᠢᠨ ᠰᠢᠪᠠᠷᠲᠠᠪᠠ ᠭᠡᠵᠦ ᠢᠯᠡᠷᠡᠵᠡᠢ᠃      33. ᠡᠷᠮᠡᠭ ᠬᠤᠯᠠ ᠠᠵᠢᠷᠭ᠎ᠠ — ᠡᠮᠨᠢᠭ ᠬᠤᠸᠠ ᠠᠵᠢᠷᠭ᠎ᠠ᠃ ᠢᠪᠡᠷᠡᠢ ᠶᠢᠨ ᠲᠡᠭᠦᠦ ᠣᠷᠢᠶᠠᠩᠬᠠᠨ ᠤ ᠪᠠᠶᠠᠨ ᠲᠤᠭ ᠲᠤ ᠪᠠᠨ ᠡᠷᠮᠡᠭ ᠬᠤᠯᠠ ᠠᠵᠢᠷᠭ᠎ᠠ ᠭᠡᠵᠦ ᠢᠯᠡᠷᠡᠵᠡᠢ᠃      34. ᠬᠦᠷᠢᠰᠤᠨ ᠰᠠᠶᠢᠨ ᠪᠤᠭᠤᠷᠤᠯ ᠮᠤᠷᠢ — ᠪᠤᠷᠤ ᠥᠩᠭᠡ ᠪᠤᠯᠤᠨ ᠤᠯᠠᠭᠠᠨ ᠶᠠᠭᠠᠨ ᠥᠩᠭᠡ ᠬᠤᠯᠢᠯᠳᠤᠭᠰᠠᠨ ᠵᠢᠰᠤᠮ ᠤᠨ ᠮᠤᠷᠢ ᠢ ᠪᠤᠭᠤᠷᠤᠯ ᠵᠢᠰᠣᠮ ᠤᠨ ᠮᠤᠷᠢ ᠭᠡᠨ᠎ᠠ᠃ ᠪᠦᠷᠢᠰᠤᠨ ᠪᠤᠭᠤᠷᠤᠯ ᠮᠤᠷᠢ ᠨᠢ ᠬᠦᠷᠡᠩ ᠪᠤᠭᠤᠷᠤᠯ ᠮᠤᠷᠢ᠃ ᠪᠠᠭᠠᠲᠣᠷ ᠬᠦᠷᠢᠰᠤᠨ ᠰᠠᠶᠢᠨ ᠪᠤᠭᠤᠷᠤᠯ ᠮᠣᠷᠢᠨ ᠢᠶᠠᠨ ᠠᠪᠬᠠᠢ ᠳᠤᠷ ᠥᠭᠴᠥ ᠣᠨᠣᠭᠤᠯᠵᠡᠢ ᠭᠡᠵᠦ ᠢᠯᠡᠷᠡᠵᠡᠢ᠃      35. ᠴᠠᠭᠠᠨ ᠬᠤᠯᠠ ᠮᠣᠷᠢ — ᠴᠠᠶᠢᠪᠣᠷ ᠬᠤᠸᠠ ᠵᠢᠰᠣᠮ ᠤᠨ ᠮᠣᠷᠢ᠃ ᠬᠤᠷᠴᠢᠨ ᠤ ᠣᠷᠲᠠᠬᠤᠬᠠᠢ ᠨᠣᠶᠠᠨ ᠬᠦᠪᠡᠭᠦᠨ ᠢᠶᠠᠨ ᠪᠣᠷᠬᠠᠢ ᠶᠢ ᠴᠠᠭᠠᠨ ᠬᠤᠯᠠ ᠮᠣᠷᠢᠲᠠᠢ ᠲᠠᠭᠠᠭᠤᠯᠵᠣ ᠢᠷᠡᠪᠡ ᠭᠡᠵᠦ ᠢᠯᠡᠷᠡᠵᠡᠢ᠃      36. ᠪᠣᠬᠤᠰ ᠭᠡᠬᠦ ︵ᠭᠡᠭᠦᠦ︶ — ᠪᠣᠰᠢᠭᠤ ᠱᠠᠯᠠᠮᠠᠭᠠᠢ ᠭᠡᠭᠦᠦ᠃ ︽ᠪᠣᠬᠤᠰ ᠭᠡᠬᠦ ︵ᠭᠡᠭᠦᠦ︶ ᠣᠨᠣᠭᠰᠠᠨ ᠠᠴᠠ ᠬᠤᠭᠤᠰᠣᠨ ᠶᠠᠭᠠᠬᠢᠵᠣ ᠬᠠᠷᠢᠶ᠎ᠠ︾ ᠭᠡᠰᠡᠨ ᠠᠴᠠ ᠦᠵᠡᠬᠦ ᠳᠤ ᠪᠣᠰᠢᠭᠤ ᠱᠠᠯᠠᠮᠠᠭᠠᠢ ᠰᠠᠶᠢᠨ ᠭᠡᠭᠦᠦ ᠣᠨᠣᠭᠰᠠᠨ ᠪᠠᠷᠲᠠᠮ ᠪᠠᠶᠢᠲᠠᠯ ᠲᠠᠢ᠃      37. ᠰᠠᠶᠢᠨ ᠰᠠᠭᠠᠷᠠᠯ ᠮᠤᠷᠢ — ᠴᠠᠭᠠᠨ ᠵᠢᠰᠣᠮ ᠤᠨ ᠰᠠᠶᠢᠨ ᠮᠤᠷᠢ᠃ ᠴᠠᠭᠠᠨ ᠮᠣᠷᠢ ᠶᠢ ᠰᠠᠷᠡᠯ ᠮᠣᠷᠢ ᠭᠡᠲᠡᠭ᠃ ᠣᠯᠠᠩᠬᠢ ᠭᠠᠵᠠᠷ ᠴᠠᠭᠠᠨ ᠮᠣᠷᠢ ᠶᠢ ᠣᠯᠠᠭᠠᠨ ᠮᠣᠷᠢ᠂ ᠪᠣᠷᠣ ᠮᠣᠷᠢ᠂ ᠶᠠᠭᠠᠨ ᠮᠣᠷᠢ ᠭᠡᠵᠣ ᠶᠠᠩᠵᠣ ᠪᠠᠷ ᠬᠡᠯᠡᠲᠡᠭ᠃ ᠲᠦᠯᠦᠭᠡᠭᠡᠨ ᠤ ᠬᠦᠪᠡᠭᠦᠨ ᠮᠡᠨᠲᠣ ᠲᠠᠷᠬᠠᠨ ᠣᠭᠲᠣᠵᠣ ᠰᠠᠶᠢᠨ ᠰᠠᠭᠠᠷᠠᠯ ᠮᠣᠷᠢᠨ ᠢᠶᠠᠨ ᠬᠥᠯ ᠢ ᠰᠣᠭᠤ ᠬᠠᠷᠪᠣᠭᠲᠠᠪᠠ ᠭᠡᠵᠦ ᠢᠯᠡᠷᠡᠵᠡᠢ᠃      ︽ᠬᠤᠷᠢᠶᠠᠩᠭᠤᠢ ᠠᠯᠳᠠᠨ ᠲᠤᠪᠴᠢ︾ ᠳᠤ ᠪᠢᠴᠢᠭᠲᠡᠭᠰᠡᠨ 37 ᠣᠨᠣᠭᠠᠨ ᠤ ᠲᠣᠲᠣᠷ᠎ᠠ ᠬᠦᠯᠦᠭ ᠭᠡᠵᠣ ᠪᠢᠴᠢᠭᠰᠡᠨ ᠨᠢ ᠵᠦᠪᠬᠡᠨ ᠲᠣᠸᠠ ᠰᠣᠬᠤᠷ ᠤᠨ ᠳᠠᠵᠢᠷ ᠪᠣᠷᠣ ᠭᠡᠬᠦ ᠬᠤᠶᠡᠷ ᠢ ᠳᠠᠵᠢᠷ ᠪᠣᠷᠣ ᠬᠤᠶᠡᠷ ᠬᠦᠯᠦᠭ ᠭᠡᠵᠣ ᠪᠢᠴᠢᠵᠡᠢ᠃ ᠪᠣᠲᠣᠨᠴᠢᠷ ᠤᠨ ᠭᠤᠣᠯ ᠲᠣᠮᠲᠠ ᠲᠠᠭᠠᠷᠢ ᠲᠠᠢ ᠬᠤᠲᠤᠩ ᠰᠢᠷᠬᠤᠯᠢ ᠨᠢ ᠬᠤᠶᠡᠲᠣᠭᠠᠷ ᠣᠲᠠᠭ᠎ᠠ ᠨᠢ ︽ᠰᠢᠷᠭᠠᠯ ᠳᠠᠭᠠᠲᠠᠢ︾ ᠭᠡᠵᠣ ᠪᠢᠴᠢᠭᠰᠡᠨ᠃ ︽ᠮᠣᠷᠢᠨ︾ ᠭᠡᠵᠣ ᠪᠢᠴᠢᠭᠲᠡᠭᠰᠡᠨ ᠨᠢ ᠠᠷᠪᠠ ᠣᠲᠠᠭ᠎ᠠ᠃ ᠠᠭᠲᠠ ᠭᠡᠵᠣ ᠪᠢᠴᠢᠭᠰᠡᠨ ᠨᠢ ᠭᠠᠭᠴᠠᠬᠠᠨ ᠣᠲᠠᠭ᠎ᠠ᠃ ᠲᠡᠷᠡ ᠨᠢ ︽ᠨᠡᠢᠮᠠᠨ ᠰᠢᠷᠭ᠎ᠠ ᠠᠭᠲᠠ︾ ᠭᠡᠵᠣ ᠪᠢᠴᠢᠵᠡᠢ᠃ ᠠᠵᠢᠷᠭ᠎ᠠ ᠶᠢᠨ ᠵᠢᠰᠣᠮ ᠪᠣᠯ ᠭᠤᠷᠪᠠᠨ ᠣᠲᠠᠭ᠎ᠠ᠃ ᠭᠡᠭᠦᠨ ᠤ ᠵᠢᠰᠣᠮ ᠤᠨ ᠲᠠᠯ᠎ᠠ ᠪᠠᠷ ᠪᠣᠯ ᠲᠥᠷᠪᠡ ᠣᠲᠠᠭ᠎ᠠ᠃ ᠭᠡᠭᠦᠦ ᠨᠢ ︽ᠬᠦᠦ︾ ᠪᠣᠶᠣ ︽ᠴᠠᠭᠠᠭᠴᠢᠨ︾᠂ ︽ᠰᠢᠷᠬᠤᠭᠴᠢᠨ ︾ ᠭᠡᠵᠣ ᠲᠡᠮᠲᠡᠭᠯᠡᠭᠰᠡᠨ᠃ ᠮᠣᠷᠢ ᠭᠡᠵᠣ ᠪᠢᠴᠢᠭᠲᠡᠭᠰᠡᠨ ᠨᠢ ᠠᠷᠪᠠ ᠣᠲᠠᠭ᠎ᠠ᠃ ᠮᠣᠷᠢ᠂ ᠠᠭᠲᠠ᠂ ᠬᠦᠯᠦᠭ ᠭᠡᠵᠣ ᠲᠣᠣᠷ᠎ᠠ ᠪᠠᠨ ᠲᠣᠲᠣᠳᠬᠠᠯ ᠠᠪᠣᠭᠰᠠᠨ ᠦᠭᠡᠢ ᠰᠢᠭᠤᠳ ᠮᠣᠷᠢᠨ ᠤ ᠪᠠᠨ ᠦᠩᠬᠡ ᠵᠢᠰᠣᠮ ᠢᠶᠠᠷ ᠢᠯᠡᠷᠡᠭᠰᠡᠨ ᠨᠢ ᠲᠠᠷᠬᠢ ᠬᠤᠩᠭᠤᠷ ᠪᠣᠯᠣᠨ ᠬᠤᠷᠪᠠᠯᠣᠨ ᠵᠡᠭᠡᠷᠲᠡ ᠬᠤᠶᠠᠷ ᠪᠣᠯᠣᠨ᠎ᠠ᠃    
ᠢᠷᠡᠯᠲᠡ᠄ ᠪᠠᠶᠠᠨ ᠨᠠᠭᠤᠷ ᠤᠨ ᠰᠤᠨᠢᠨ