4 ᠰᠠᠷ᠎ᠠ ᠶᠢᠨ 7 ᠤ ᠡᠳᠦᠷ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ ᠠᠴᠠ ᠵᠢᠯᠤᠭᠤᠳᠴᠤ᠂ ᠥᠪᠥᠷ | ᠮᠣᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠵᠡᠷᠭᠡ ᠨᠢᠭᠡᠴᠢ ᠠᠴᠠ ᠵᠣᠬᠢᠶᠠᠨ ᠪᠠᠶᠢᠭᠤᠯᠤᠨ ᠵᠢᠷᠤᠵᠤ ᠲᠥᠯᠥᠪᠯᠡᠵᠦ ᠴᠤᠭᠯᠠᠭᠤᠯᠤᠭᠰᠠᠨ | ᠤᠮᠠᠷᠠᠲᠤ ᠬᠢᠯᠢ ᠶᠢᠨ ᠰᠣᠶᠣᠯ ᠤᠨ ᠢᠯᠡᠷᠬᠡᠶᠢᠯᠡᠯ ᠲᠡᠮᠳᠡᠭ ᠢ ᠵᠢᠩᠬᠢᠨᠢ ᠪᠠᠷ ᠨᠡᠶᠢᠲᠡᠯᠡᠪᠡ᠃ | | | | | ᠤᠮᠠᠷᠠᠲᠤ ᠬᠢᠯᠢ ᠶᠢᠨ ᠰᠣᠶᠣᠯ ᠤᠨ ᠢᠯᠡᠷᠬᠡᠶᠢᠯᠡᠯ ᠲᠡᠮᠳᠡᠭ | | ᠤᠮᠠᠷᠠᠲᠤ ᠬᠢᠯᠢ ᠶᠢᠨ ᠰᠣᠶᠣᠯ ᠤᠨ ᠢᠯᠡᠷᠬᠡᠶᠢᠯᠡᠯ ᠲᠡᠮᠳᠡᠭ ᠢ ᠵᠢᠷᠤᠵᠤ ᠲᠥᠯᠥᠪᠯᠡᠬᠦ ᠠᠵᠢᠯ ᠢ ᠥᠷᠨᠢᠭᠦᠯᠦᠭᠰᠡᠨ ᠠᠴᠠ ᠨᠠᠭᠠᠰᠢ᠂ ᠴᠢᠩᠬᠤᠸᠠ ᠶᠡᠭᠡ | ᠰᠤᠷᠭᠠᠭᠤᠯᠢ ᠶᠢᠨ ᠤᠷᠠᠨ ᠵᠢᠷᠤᠭ ᠤᠨ ᠳᠡᠭᠡᠳᠦ ᠰᠤᠷᠭᠠᠭᠤᠯᠢ᠂ ᠪᠡᠭᠡᠵᠢᠩ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠷᠠᠯᠢᠭ ᠬᠢᠭᠡᠳ ᠵᠠᠭᠤᠴᠢᠯᠠᠭᠤᠷ ᠤᠨ | ᠳᠡᠭᠡᠳᠦ ᠰᠤᠷᠭᠠᠭᠤᠯᠢ᠂ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠷᠠᠨ ᠵᠢᠷᠤᠭ ᠤᠨ ᠳᠡᠭᠡᠳᠦ ᠰᠤᠷᠭᠠᠭᠤᠯᠢ ᠵᠡᠷᠭᠡ ᠨᠢᠭᠡ ᠪᠦᠯᠦᠭ | ᠲᠤᠰᠬᠠᠢ ᠮᠡᠷᠭᠡᠵᠢᠯ ᠤᠨ ᠪᠦᠯᠭᠦᠮ ᠲᠥᠰᠥᠯ ᠤᠨ ᠵᠢᠷᠤᠵᠤ ᠲᠥᠯᠥᠪᠯᠡᠬᠦ ᠳᠤ ᠣᠷᠣᠯᠴᠠᠵᠤ᠂ ᠨᠡᠶᠢᠳᠠ 234 ᠤᠮᠠᠷᠠᠲᠤ ᠬᠢᠯᠢ ᠶᠢᠨ ᠰᠣᠶᠣᠯ ᠤᠨ | ᠢᠯᠡᠷᠬᠡᠶᠢᠯᠡᠯ ᠲᠡᠮᠳᠡᠭ ᠢ ᠵᠢᠷᠤᠵᠤ ᠲᠥᠯᠥᠪᠯᠡᠭᠰᠡᠨ ᠲᠥᠰᠥᠯ ᠢ ᠴᠤᠭᠯᠠᠭᠤᠯᠪᠠ᠃ ᠲᠤᠰᠬᠠᠢ ᠮᠡᠷᠭᠡᠵᠢᠯᠲᠡᠨ ᠤ ᠣᠯᠠᠨ ᠤᠳᠠᠭᠠᠨ ᠤ ᠰᠢᠯᠭᠠᠷᠠᠭᠤᠯᠤᠯᠲᠠ ᠪᠠᠷ | ᠳᠡᠮᠵᠢᠵᠤ᠂ ᠴᠢᠩᠬᠤᠸᠠ ᠶᠡᠭᠡ ᠰᠤᠷᠭᠠᠭᠤᠯᠢ ᠶᠢᠨ ᠤᠷᠠᠨ ᠵᠢᠷᠤᠭ ᠤᠨ ᠳᠡᠭᠡᠳᠦ ᠰᠤᠷᠭᠠᠭᠤᠯᠢ ᠶᠢᠨ ᠵᠢᠷᠤᠵᠤ ᠲᠥᠯᠥᠪᠯᠡᠭᠰᠡᠨ ᠤᠮᠠᠷᠠᠲᠤ ᠬᠢᠯᠢ ᠶᠢᠨ | ᠰᠣᠶᠣᠯ ᠤᠨ ᠢᠯᠡᠷᠬᠡᠶᠢᠯᠡᠯ ᠲᠡᠮᠳᠡᠭ ᠡᠴᠦᠰ ᠲᠡᠭᠡᠨ ᠰᠢᠯᠭᠠᠷᠠᠭᠤᠯᠤᠭᠳᠠᠪᠠ᠃ | ᠤᠮᠠᠷᠠᠲᠤ ᠬᠢᠯᠢ ᠶᠢᠨ ᠰᠣᠶᠣᠯ ᠤᠨ ᠢᠯᠡᠷᠬᠡᠶᠢᠯᠡᠯ ᠲᠡᠮᠳᠡᠭ ᠨᠢ ᠪᠦᠬᠦᠯᠢ ᠴᠣᠭᠴᠠ ᠪᠠᠷ ᠢᠶᠠᠨ ᠤᠯᠠᠭᠠᠨ ᠲᠤᠭ ᠤᠨ ᠭᠡᠯᠪᠡᠷᠢ ᠲᠠᠢ ᠪᠠᠶᠢᠵᠤ᠂ ᠤᠯᠠᠭᠠᠨ | ᠥᠩᠭᠡ ᠪᠠᠷ ᠭᠤᠣᠯᠯᠠᠵᠤ᠂ ᠨᠠᠮ ᠤᠨ ᠤᠳᠤᠷᠢᠳᠤᠯᠭ᠎ᠠ ᠳᠣᠣᠷ᠎ᠠ᠂ ᠥᠪᠥᠷ ᠮᠣᠩᠭᠤᠯ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤ | ᠬᠤᠪᠢᠰᠬᠠᠯ ᠤᠨ ᠤᠳᠤᠮᠰᠢᠯ ᠢᠶᠠᠨ ᠤᠯᠠᠮᠵᠢᠯᠠᠨ ᠵᠠᠯᠭᠠᠮᠵᠢᠯᠠᠬᠤ ᠶᠢ ᠪᠡᠯᠭᠡᠳᠡᠭᠰᠡᠨ ᠪᠠᠶᠢᠨ᠎ᠠ᠃ ᠵᠡᠭᠦᠨ ᠠᠴᠠ ᠪᠠᠷᠠᠭᠤᠨᠰᠢ ᠢᠯᠡᠷᠬᠡᠶᠢᠯᠡᠯ ᠲᠡᠮᠳᠡᠭ ᠤᠨ ᠡᠮᠦᠨ᠎ᠡ | ᠦᠵᠦᠭᠦᠷ ᠨᠢ ᠮᠣᠷᠢᠨ ᠤ ᠲᠣᠯᠣᠭᠠᠢ᠂ ᠬᠤᠶᠢᠲᠤ ᠦᠵᠦᠭᠦᠷ ᠨᠢ ᠬᠡᠶᠢᠰᠴᠦ ᠪᠠᠶᠢᠭ᠎ᠠ ᠲᠠᠯ ᠪᠠᠶᠢᠵᠤ᠂ ᠬᠠᠷᠠᠭᠠᠨ ᠰᠡᠷᠡᠯ ᠤᠨ ᠲᠠᠯ᠎ᠠ ᠪᠠᠷ ᠳᠠᠪᠬᠢᠨ | ᠤᠷᠤᠭᠰᠢᠯᠠᠵᠤ ᠪᠠᠶᠢᠭ᠎ᠠ ᠮᠣᠩᠭᠤᠯ ᠮᠣᠷᠢᠨ ᠤ ᠳᠦᠷᠰᠦ ᠪᠠᠶᠢᠳᠠᠯ ᠢᠯᠡᠷᠡᠵᠦ᠂ ︽ᠬᠦᠴᠢᠷ ᠪᠡᠷᠬᠡᠰᠢᠶᠡᠯ ᠢ ᠳᠠᠭᠠᠭᠠᠵᠤ᠂ ᠴᠤᠴᠠᠰᠢ ᠦᠭᠡᠢ ᠤᠷᠤᠭᠰᠢᠯᠠᠵᠤ᠂ | ᠵᠣᠷᠢᠭᠰᠠᠨ ᠳᠠᠭᠠᠨ ᠵᠠᠪᠠᠯ ᠬᠦᠷᠬᠦ︾ ᠮᠣᠩᠭᠤᠯ ᠮᠣᠷᠢᠨ ᠤ ᠵᠣᠷᠢᠭ ᠰᠠᠨᠠᠭ᠎ᠠ ᠶᠢ ᠪᠡᠯᠭᠡᠳᠡᠵᠡᠢ᠃ ᠤᠯᠠᠭᠠᠨ ᠲᠤᠭ ᠢᠯᠡᠷᠬᠡᠶᠢᠯᠡᠯ ᠲᠡᠮᠳᠡᠭ ᠤᠨ ᠳᠣᠣᠷ᠎ᠠ | ᠦᠵᠦᠭᠦᠷ ᠨᠢ ᠤᠷᠲᠤ ᠴᠠᠭᠠᠨ ᠬᠡᠷᠡᠮ᠂ ᠬᠠᠲᠤᠨ ᠭᠤᠣᠯ ᠤᠨ ︽ᠲᠣᠬᠤᠢ ᠶᠢᠨ ᠬᠡᠰᠡᠭ︾ ᠪᠠ ᠲᠠᠯ᠎ᠠ ᠨᠤᠲᠤᠭ ᠪᠣᠯᠣᠨ᠎ᠠ᠃ ᠣᠷᠳᠣ ᠴᠠᠭᠠᠨ ᠬᠡᠷᠡᠮ | ᠪᠣᠯᠣᠨ ᠬᠠᠲᠤᠨ ᠭᠤᠣᠯ ᠥᠪᠥᠷ ᠮᠣᠩᠭᠤᠯ ᠳᠤ ᠲᠠᠪᠤᠳᠠ ᠵᠣᠯᠭᠠᠵᠤ᠂ ᠳᠤᠮᠳᠠᠳᠤ ᠶᠢᠨ ᠪᠣᠯᠪᠠᠰᠤᠨ ᠤ ᠭᠡᠷᠡᠯ ᠰᠠᠴᠤᠷᠠᠩᠭᠤᠢ ᠠᠮᠵᠢᠯᠲᠠ ᠶᠢ ᠠᠴᠢᠶᠠᠯᠠᠵᠤ᠂ | ᠤᠮᠠᠷᠠᠲᠤ ᠬᠢᠯᠢ ᠶᠢᠨ ᠡᠬᠡ ᠭᠠᠵᠠᠷ ᠳᠡᠭᠡᠷᠡᠬᠢ ᠭᠦᠨ ᠵᠤᠵᠠᠭᠠᠨ ᠲᠡᠦᠬᠡ ᠰᠣᠶᠣᠯ ᠪᠠ ᠡᠯᠪᠡᠭ ᠪᠠᠶᠠᠯᠢᠭ ᠰᠣᠶᠣᠯ ᠢᠷᠭᠡᠨᠰᠢᠯ ᠤᠨ ᠡᠬᠢ ᠪᠠᠶᠠᠯᠢᠭ ᠢ | ᠢᠯᠡᠷᠡᠭᠦᠯᠪᠡ᠃ ᠤᠯᠠᠭᠠᠨ ᠲᠤᠭ ᠤᠨ ᠵᠢᠭᠠᠭᠰᠠᠨ ᠴᠢᠭᠯᠡᠯ ᠪᠣᠯ ᠮᠣᠩᠭᠤᠯ ᠮᠣᠷᠢᠨ ᠤ ᠳᠡᠭᠦᠯᠢᠨ ᠤᠷᠤᠭᠰᠢᠯᠠᠬᠤ ᠴᠢᠭᠯᠡᠯ ᠮᠥᠨ᠂ ᠨᠠᠮ ᠤᠨ ᠤᠳᠤᠷᠢᠳᠤᠯᠭ᠎ᠠ | ᠳᠣᠣᠷ᠎ᠠ ᠥᠪᠥᠷ ᠮᠣᠩᠭᠤᠯ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠰᠠᠬᠢᠨ ᠪᠡᠷᠡᠯᠡᠵᠦ ᠬᠠᠷᠢᠯᠴᠠᠨ ᠬᠠᠪᠰᠤᠷᠤᠯᠴᠠᠵᠤ᠂ ᠬᠦᠰᠡᠯ ᠨᠠᠶᠢᠳᠠᠯᠭ᠎ᠠ ᠶᠢ | ᠪᠠᠲᠤ ᠴᠡᠭᠡᠵᠢᠯᠡᠵᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠭᠰᠠᠨ ᠥᠪᠥᠷ ᠮᠣᠩᠭᠤᠯ ᠤᠨ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠬᠦ ᠶᠢ | ᠪᠡᠯᠭᠡᠳᠡᠪᠡ᠃ ᠢᠯᠡᠷᠬᠡᠶᠢᠯᠡᠯ ᠲᠡᠮᠳᠡᠭ ᠤᠨ ᠪᠠᠷᠠᠭᠤᠨ ᠳᠡᠭᠡᠷ᠎ᠡ ᠲᠠᠯ᠎ᠠ ᠳᠠᠬᠢ ︽ᠤᠮᠠᠷᠠᠲᠤ ᠬᠢᠯᠢ ᠶᠢᠨ ᠰᠣᠶᠣᠯ︾ ᠤᠨ ᠲᠠᠮᠠᠭ᠎ᠠ ᠨᠢ ᠳᠤᠮᠳᠠᠳᠤ ᠶᠢᠨ | ᠰᠢᠯᠢᠳᠡᠭ ᠤᠯᠠᠮᠵᠢᠯᠠᠯᠲᠤ ᠰᠣᠶᠣᠯ ᠤᠨ ᠠᠭᠤᠯᠤᠭᠳᠠᠬᠤᠨ ᠪᠠ ᠭᠦᠭ ᠠᠶᠠᠰ ᠢ ᠬᠦᠴᠦᠯᠡᠨ ᠢᠯᠡᠷᠡᠭᠦᠯᠵᠡᠢ᠃ | |