ᠼᠤᠦ ᠳᠤ ᠳᠡᠪᠲᠦᠭᠡᠭᠰᠡᠨ ᠰᠠᠷᠢᠮᠰᠠᠭ ᠢ ᠬᠡᠮᠵᠢᠶ᠎ᠡ ᠲᠠᠢ ᠢᠳᠡᠪᠡᠯ ᠬᠦᠮᠦᠨ ᠤ ᠪᠡᠶ᠎ᠡ ᠳᠤ ᠰᠠᠶᠢᠨ ᠪᠠᠶᠢᠳᠠᠭ᠂ ᠭᠡᠪᠡᠴᠦ ᠵᠤᠬᠢᠰ ᠦᠭᠡᠢ ᠳᠡᠪᠲᠦᠭᠡᠬᠦ | ᠪᠤᠶᠤ ᠬᠡᠲᠦ ᠢᠳᠡᠬᠦ ᠨᠢ ᠬᠦᠮᠦᠨ ᠤ ᠪᠡᠶ᠎ᠡ ᠳᠤ ᠬᠤᠤᠷ ᠲᠠᠢ ᠶᠤᠮ᠃ ᠼᠤᠦ ᠳᠤ ᠳᠡᠪᠲᠦᠭᠡᠭᠰᠡᠨ ᠰᠠᠷᠢᠮᠰᠠᠭ ᠤᠨ ᠠᠰᠢᠭ ᠲᠠᠢ ᠲᠠᠯ᠎ᠠ᠄ ᠼᠤᠦ ᠳᠤ | ᠳᠡᠪᠲᠦᠭᠡᠭᠰᠡᠨ ᠰᠠᠷᠢᠮᠰᠠᠭ ᠵᠤᠬᠢᠬᠤ ᠬᠡᠮᠵᠢᠶ᠎ᠡ ᠪᠠᠷ ᠴᠢᠰᠤᠨ ᠳᠠᠷᠤᠯᠲᠠ ᠶᠢ ᠪᠠᠭᠤᠷᠠᠭᠤᠯᠳᠠᠭ᠂ ᠰᠠᠷᠢᠮᠰᠠᠭ ᠤᠨ ᠲᠤᠰ ᠪᠡᠶ᠎ᠡ ᠨᠢ ᠮᠠᠰᠢ ᠰᠠᠶᠢᠨ | ᠠᠷᠢᠭᠤᠳᠬᠠᠬᠤ᠂ ᠬᠤᠤᠷ ᠭᠠᠳᠠᠭᠰᠢᠯᠠᠭᠤᠯᠬᠤ ᠴᠢᠳᠠᠯ ᠲᠠᠢ ᠪᠤᠯᠬᠤᠷ ᠦᠷᠬᠦᠯᠵᠢ ᠰᠠᠷᠢᠮᠰᠠᠭ ᠢᠳᠡᠪᠡᠯ ᠴᠢᠰᠦᠨ ᠰᠤᠲᠠᠯ ᠢ ᠳᠡᠯᠡᠨ᠂ ᠪᠡᠶ᠎ᠡ ᠮᠠᠬᠠᠪᠤᠳ ᠤᠨ | ᠳᠤᠳᠤᠭᠠᠳᠤ ᠳᠤ ᠪᠠᠶᠢᠭ᠎ᠠ ᠬᠠᠶᠠᠭᠳᠠᠮᠠᠯ ᠪᠤᠳᠠᠰ ᠢ ᠭᠠᠳᠠᠭᠰᠢᠯᠠᠭᠤᠯᠳᠠᠭ᠂ ᠡᠨᠡ ᠨᠢ ᠴᠢᠰᠦᠨ ᠳᠤ ᠪᠠᠶᠢᠭ᠎ᠠ ᠬᠤᠤᠷᠲᠤ ᠡᠳ᠋ ᠢ ᠵᠤᠬᠢᠰᠲᠠᠢ ᠪᠠᠭᠠᠰᠬᠠᠵᠤ᠂ | ᠴᠢᠰᠦᠨ ᠳᠠᠷᠤᠯᠲᠠ ᠶᠢ ᠪᠠᠭᠤᠷᠠᠭᠤᠯᠳᠠᠭ᠃ ᠼᠤᠦ ᠴᠢᠰᠤᠨ ᠰᠤᠳᠠᠯ ᠢ ᠵᠦᠭᠡᠯᠡᠷᠡᠭᠦᠯᠦᠨ᠎ᠡ᠂ ᠬᠡᠷᠪᠡ ᠼᠤᠦ ᠳᠤ ᠳᠡᠪᠲᠦᠭᠡᠭᠰᠡᠨ ᠰᠠᠷᠢᠮᠰᠠᠭ ᠢ ᠦᠷᠬᠦᠯᠵᠢ | ᠢᠳᠡᠭᠰᠡᠨ ᠤ ᠰᠡᠭᠦᠯᠡᠷ ᠴᠢᠰᠤᠨ ᠰᠤᠳᠠᠯ ᠢ ᠳᠡᠯᠡᠬᠦ ᠪᠠᠷ ᠪᠠᠷᠠᠬᠤ ᠦᠭᠡᠢ ᠪᠠᠰᠠ ᠴᠢᠰᠤᠨ ᠰᠤᠳᠠᠯ ᠤᠨ ᠤᠶᠠᠨ ᠴᠢᠨᠠᠷ ᠢ ᠳᠡᠭᠡᠭᠰᠢᠯᠡᠭᠦᠯᠵᠦ᠂ ᠴᠢᠰᠤᠨ | ᠳᠠᠷᠤᠯᠲᠠ ᠬᠡᠳᠦ ᠦᠨᠳᠦᠷ ᠪᠢᠰᠢ ᠪᠠᠶᠢᠳᠠᠯ ᠳᠤ ᠴᠢᠰᠤᠨ ᠳᠠᠷᠤᠯᠲᠠ ᠶᠢ ᠪᠠᠭᠤᠷᠠᠭᠤᠯᠬᠤ ᠳᠤ ᠲᠤᠰᠠᠯᠠᠳᠠᠭ᠃ ᠲᠠᠭᠰᠢᠭᠤᠷ ᠢ ᠰᠡᠷᠭᠡᠶᠢᠯᠡᠨ᠂ ᠬᠠᠮᠠᠷ ᠤᠨ | ᠦᠷᠪᠢᠰᠦᠯ ᠢ ᠵᠠᠰᠠᠵᠤ᠂ ᠪᠡᠶ᠎ᠡ ᠴᠢᠬᠢᠷᠠᠭᠵᠢᠭᠤᠯᠬᠤ ᠦᠢᠯᠡᠳᠦᠯ ᠲᠠᠢ᠃ ᠬᠤᠭᠤᠯᠠᠢ ᠡᠪᠡᠳᠬᠦ ᠶᠢ ᠵᠠᠰᠠᠵᠤ᠂ ᠨᠦᠢᠷ ᠢ ᠰᠠᠶᠢᠵᠢᠷᠠᠭᠤᠯᠤᠨ᠎ᠠ᠃ | ᠰᠢᠩᠭᠡᠭᠡᠯᠲᠡ ᠶᠢ ᠰᠠᠶᠢᠵᠢᠷᠠᠭᠤᠯᠤᠨ᠎ᠠ᠃ ᠶᠠᠳᠠᠷᠠᠭ᠎ᠠ ᠶᠢ ᠲᠠᠶᠢᠯᠤᠨ᠂ ᠦᠲᠡᠯᠬᠦ ᠶᠢ ᠤᠳᠠᠭᠠᠰᠢᠷᠠᠭᠤᠯᠤᠨ᠎ᠠ᠃ ᠴᠢᠰᠤ ᠶᠢ ᠰᠢᠩᠭᠡᠷᠡᠭᠦᠯᠵᠦ᠂ ᠴᠢᠰᠤᠨ ᠤ | ᠡᠷᠭᠢᠯᠲᠡ ᠶᠢ ᠰᠠᠶᠢᠵᠢᠷᠠᠭᠤᠯᠤᠨ᠎ᠠ᠃ ᠴᠢᠰᠤᠨ ᠤ ᠦᠭᠡᠬᠦ ᠶᠢ ᠪᠠᠭᠤᠷᠠᠭᠤᠯᠵᠤ ᠰᠢᠬᠢᠷ ᠰᠢᠵᠢᠩ ᠡᠪᠡᠳᠴᠢᠨ ᠢ ᠰᠡᠷᠭᠡᠶᠢᠯᠡᠳᠡᠭ᠃ ᠪᠠᠺᠲ᠋ᠧᠷᠢ ᠶᠢ ᠤᠰᠠᠳᠬᠠᠨ᠂ | ᠦᠷᠪᠢᠰᠤᠯ ᠢ ᠳᠠᠷᠤᠵᠤ᠂ ᠡᠪᠡᠳᠴᠢᠨ ᠬᠠᠯᠳᠠᠪᠤᠷᠢᠯᠠᠬᠤ ᠶᠢ ᠰᠡᠷᠭᠡᠶᠢᠯᠡᠨ᠎ᠡ᠃ ᠰᠦᠰᠦᠨ ᠤ ᠴᠢᠯᠠᠭᠤᠯᠢᠭ ᠠᠯᠺᠦᠤᠯ ᠢ ᠪᠠᠭᠤᠷᠠᠭᠤᠯᠤᠨ᠎ᠠ᠃ ᠦᠮᠠᠨ | ᠡᠪᠡᠳᠴᠢᠨ ᠢ ᠰᠡᠷᠭᠡᠶᠢᠯᠡᠳᠡᠭ᠃ ᠼᠤᠦ ᠳᠤ ᠳᠡᠪᠲᠦᠭᠡᠭᠰᠡᠨ ᠰᠠᠷᠢᠮᠰᠠᠭ ᠤᠨ ᠠᠰᠢᠭ ᠦᠭᠡᠢ ᠲᠠᠯ᠎ᠠ᠄ ᠬᠦᠮᠦᠰ ᠼᠤᠦ ᠳᠤ ᠰᠠᠷᠢᠮᠰᠠᠭ ᠳᠡᠪᠲᠦᠭᠡᠬᠦ ᠳᠡᠭᠡᠨ | ᠳᠠᠪᠤᠰᠤ ᠠᠷᠪᠢᠨ ᠬᠢᠳᠡᠭ᠂ ᠲᠡᠷᠡᠴᠢᠯᠡᠨ ᠼᠤᠦ ᠳᠤ ᠳᠡᠪᠲᠦᠭᠡᠭᠰᠡᠨ ᠰᠠᠷᠢᠮᠰᠠᠭ ᠢᠶᠠᠨ ᠳᠠᠪᠤᠰᠤᠯᠠᠭᠰᠠᠨ ᠨᠤᠭᠤᠭ᠎ᠠ ᠪᠤᠯᠭᠠᠨ ᠡᠳᠦᠷ ᠪᠦᠷᠢ ᠬᠡᠳᠦ ᠤᠯᠠᠨ | ᠢᠳᠡᠳᠡᠭ᠃ ᠢᠩᠭᠢᠵᠦ ᠢᠳᠡᠬᠦ ᠨᠢ ᠰᠢᠨᠵᠢᠯᠡᠬᠦ ᠤᠬᠠᠭᠠᠨᠴᠢ ᠪᠢᠰᠢ ᠪᠠᠶᠢᠵᠤ᠂ ᠪᠡᠶ᠎ᠡ ᠮᠠᠬᠠᠪᠤᠳ ᠢ ᠭᠡᠮᠲᠦᠭᠡᠵᠦ ᠮᠡᠳᠡᠨ᠎ᠡ᠃ ᠰᠠᠷᠢᠮᠰᠠᠭ ᠪᠤᠯ ᠭᠤᠱᠤᠭᠤᠨ | ᠴᠢᠨᠠᠷ ᠲᠠᠢ ᠢᠳᠡᠭᠡᠨ ᠶᠤᠮ᠂ ᠬᠡᠲᠦᠷᠬᠡᠢ ᠠᠷᠪᠢᠨ ᠢᠳᠡᠬᠦ ᠨᠢ ᠬᠤᠳᠤᠭᠤᠳᠤ ᠶᠢ ᠡᠪ ᠦᠭᠡᠢ ᠪᠠᠶᠢᠳᠠᠯ ᠳᠤ ᠤᠷᠤᠭᠤᠯᠳᠠᠭ᠃ ᠦᠯᠦᠨ ᠢᠶᠠᠷ ᠠᠷᠪᠢᠨ | ᠢᠳᠡᠪᠡᠯ ᠨᠢᠳᠦᠨ ᠳᠤ ᠰᠡᠳᠦᠯᠲᠡ ᠦᠭᠬᠦ ᠪᠠᠷ ᠪᠠᠷᠠᠬᠤ ᠦᠭᠡᠢ ᠸᠢᠲ᠋ᠠᠮᠢᠨ b ᠶᠢᠨ ᠰᠢᠩᠭᠡᠭᠡᠯᠲᠡ ᠶᠢ ᠨᠦᠯᠦᠭᠡᠯᠡᠳᠡᠭ᠃ | ᠠᠩᠬᠠᠷᠤᠭᠤᠰᠢᠲᠠᠢ ᠵᠦᠢᠯ᠄ | ᠴᠢᠰᠤᠨ ᠳᠠᠷᠤᠯᠲᠠ ᠦᠨᠳᠦᠷ ᠡᠪᠡᠳᠴᠢᠲᠡᠨ ᠳᠤ ᠲᠤᠰᠠᠯᠠᠬᠤ ᠦᠢᠯᠡᠳᠦᠯ ᠦᠵᠡᠭᠦᠯᠳᠡᠭ᠂ ᠭᠡᠪᠡᠴᠦ ᠨᠠᠶᠢᠳᠠᠨ ᠲᠦᠰᠢᠭᠯᠡᠵᠦ ᠪᠤᠯᠬᠤ ᠦᠭᠡᠢ᠃ | ᠼᠤᠦ ᠪᠠᠨ ᠪᠤᠴᠠᠯᠭᠠᠵᠤ ᠪᠤᠯᠬᠤ ᠦᠭᠡᠢ᠂ ᠪᠤᠴᠠᠯᠭᠠᠪᠠᠯ ᠦᠢᠯᠡᠳᠦᠯ ᠨᠢ ᠪᠠᠭᠤᠷᠠᠳᠠᠭ᠃ | ᠼᠤᠦ ᠳᠤ ᠳᠡᠪᠲᠦᠭᠡᠭᠰᠡᠨ ᠰᠠᠷᠢᠮᠰᠠᠭ ᠢ ᠤᠷᠲᠤ ᠬᠤᠭᠤᠴᠠᠭ᠎ᠠ ᠪᠠᠷ ᠢᠳᠡᠵᠦ ᠪᠤᠯᠤᠨ᠎ᠠ᠂ ᠭᠡᠪᠡᠴᠦ ᠡᠳᠦᠷ ᠪᠦᠷᠢ ᠬᠡᠲᠤ ᠠᠷᠪᠢᠨ ᠢᠳᠡᠵᠦ ᠪᠤᠯᠬᠤ | ᠦᠭᠡᠢ᠂ ᠨᠢᠭᠡ ᠠᠴᠠ ᠬᠤᠶᠠᠷ ᠰᠢᠳᠦ ᠢᠳᠡᠪᠡᠯ ᠪᠤᠯᠴᠢᠬᠠᠨ᠎ᠠ᠃ ᠰᠤᠩᠭᠢᠨ᠎ᠠ ᠰᠠᠷᠢᠮᠰᠠᠭ ᠤᠨ ᠴᠡᠭᠡᠷ ᠬᠢᠭᠡᠳ ᠵᠠᠰᠠᠯ | ᠰᠤᠩᠬᠢᠨ᠎ᠡ ᠰᠠᠷᠢᠮᠰᠠᠭ ᠢ ᠭᠠᠯ ᠳᠤ ᠬᠢᠬᠦ ᠶᠢ ᠴᠡᠭᠡᠷᠯᠡᠨ᠎ᠡ᠃ | ᠨᠢᠳᠦᠨ ᠤ ᠡᠪᠡᠳᠴᠢᠲᠡᠨ ᠰᠠᠷᠢᠮᠰᠠᠭ ᠢᠳᠡᠬᠦ ᠶᠢ ᠴᠡᠭᠡᠷᠯᠡᠨ᠎ᠡ᠃ ᠭᠠᠭᠴᠠ ᠲᠤᠯᠤᠭᠠᠶᠢᠲᠤ ᠰᠠᠷᠢᠮᠰᠠᠭ ᠤᠨ ᠰᠦᠮᠦᠰᠦ ᠶᠢ ᠬᠠᠮᠠᠷ ᠲᠠᠭᠠᠨ ᠳᠤᠰᠤᠭᠠᠪᠠᠯ | ᠲᠤᠯᠤᠭᠠᠢ ᠡᠪᠡᠳᠬᠦ ᠶᠢ ᠵᠤᠭᠰᠤᠭᠠᠨ᠎ᠠ᠃ | ᠰᠠᠷᠢᠮᠰᠠᠭ ᠢ ᠬᠡᠷᠴᠢᠭᠡᠳ ᠴᠠᠢ ᠪᠠᠷ ᠳᠠᠷᠤᠭᠤᠯᠵᠤ ᠤᠤᠭᠤᠪᠠᠯ ᠲᠤᠯᠤᠭᠠᠢ ᠡᠪᠡᠳᠬᠦ ᠶᠢ ᠨᠠᠮᠳᠠᠭᠠᠨ᠎ᠠ᠃ | |