| ᠠᠴᠢ ᠲᠡᠭᠦᠰ ᠯᠠᠮᠠ ᠶᠤᠭᠠᠨ | ᠣᠷᠣᠢ ᠳᠡᠭᠡᠷ᠎ᠡ ᠪᠠᠨ ᠰᠢᠲᠣᠬᠦ | ᠠᠯᠣᠰ ᠬᠡᠲᠣ ᠶᠢᠨ ᠵᠣᠷᠢᠭ ᠢ | ᠭᠠᠭᠴᠠᠭᠠᠷ ᠰᠠᠭᠤᠵᠣ ᠰᠢᠨᠵᠢᠬᠦ | ᠠᠰᠢᠳᠠ ᠠᠮᠣᠷ ᠢᠶᠠᠷ ᠵᠢᠷᠭᠠᠶ᠎ᠠ︕ | | ᠳᠠᠭᠤᠣ ᠬᠤᠭᠤᠷ ᠤᠨ ᠠᠶᠠᠯᠭᠤ ᠶᠢ | ᠳᠣᠷᠠᠰᠢᠶᠠᠵᠤ ᠪᠠᠷᠢᠬᠤ | ᠲᠣᠭᠰᠢᠨ ᠬᠠᠲᠠᠭᠤ ᠰᠡᠳᠬᠢᠯ ᠢ | ᠲᠣᠲᠣᠷ᠎ᠠ ᠪᠡᠶ᠎ᠡ ᠳᠡᠭᠡᠨ ᠳᠠᠷᠣᠶᠠ | ᠲᠣᠮ ᠲᠠᠢ ᠰᠠᠶᠢᠬᠠᠨ ᠵᠢᠷᠠᠭᠠᠶᠠ︕ | | | ᠬᠤᠭᠤᠷ ᠴᠣᠭᠤᠷ ᠤᠨ ᠠᠶᠠᠯᠭᠤ ᠶᠢ | ᠬᠤᠷᠴᠠ ᠲᠣᠲᠣ ᠪᠠᠷᠢᠬᠤ | ᠬᠤᠪᠢ ᠰᠠᠶᠢᠲᠣ ᠶᠢᠨ ᠴᠡᠭᠡᠵᠢᠨ ᠳᠤ | ᠨᠣᠮ ᠤᠨ ᠰᠢᠯᠦᠭ ᠨᠡᠶᠢᠯᠡᠬᠦ | ᠬᠤᠪᠢ ᠲᠠᠢ ᠠᠮᠣᠷ ᠢᠶᠠᠷ ᠵᠢᠷᠭᠠᠶ᠎ᠠ︕ | | | ᠬᠡᠪ ᠰᠠᠶᠢᠬᠠᠨ ᠲᠣᠭᠤᠰ ᠨᠢ | ᠬᠡᠬᠡᠨᠴᠢᠷ ᠰᠠᠶᠢᠬᠠᠨ ᠦᠩᠭᠡᠲᠡᠢ | ᠬᠡᠪ ᠶᠠᠩᠵᠤ ᠪᠠᠷ ᠪᠠᠶᠢᠲᠣᠭᠠᠢ | ᠬᠡᠯᠡᠯᠴᠡᠨ ᠰᠠᠭᠤᠭᠠᠳ ᠨᠠᠶᠢᠷᠯᠠᠶ᠎ᠠ | ᠭᠡᠪ ᠲᠠᠢ ᠠᠮᠣᠷ ᠢᠶᠠᠷ ᠵᠢᠷᠭᠠᠶ᠎ᠠ︕ | | ᠮᠠᠨᠽᠣᠰᠢᠷᠢ ᠶᠢᠨ ᠠᠶᠠᠯᠭᠤ ᠨᠢ | ᠮᠠᠨᠳᠠᠯ ᠲᠣᠲᠣ ᠲᠣᠩᠭᠠᠯᠠᠭ | ᠮᠠᠭᠠᠳ ᠶᠡᠭᠡᠰ ᠤᠨ ᠵᠡᠷᠯᠢᠭ ᠢ | ᠮᠠᠷᠲᠠᠯ ᠦᠬᠡᠢ ᠰᠠᠨᠠᠶ᠎ᠠ | ᠮᠠᠭᠠᠳ ᠠᠮᠣᠷ ᠢᠶᠠᠷ ᠵᠢᠷᠭᠠᠶ᠎ᠠ︕ | | ᠠᠬ᠎ᠠ ᠶᠡᠭᠡ ᠬᠦᠮᠦᠨ ᠢ | ᠠᠶᠣᠬᠤ ᠶᠢᠨ ᠲᠦᠷᠢ ᠪᠠᠷ ᠬᠦᠨᠳᠣᠯᠡᠶᠡ | ᠠᠯᠳᠠ ᠶᠢᠨ ᠪᠠᠭ᠎ᠠ ᠳᠡᠭᠦᠦ ᠨᠠᠷ ᠢ | ᠠᠰᠠᠷᠠᠵᠤ ᠬᠠᠶᠢᠷᠠᠯᠠᠨ᠎ᠠ | ᠠᠰᠣᠷᠣ ᠰᠠᠶᠢᠬᠠᠨ ᠢᠶᠠᠷ ᠵᠢᠷᠭᠠᠶ᠎ᠠ︕ | | ᠠᠷᠪᠠᠨ ᠴᠠᠭᠠᠨ ᠪᠣᠶᠠᠨ ᠢ | ᠬᠠᠷᠠᠮ ᠦᠬᠡᠢ ᠡᠳ᠋ᠯᠡᠶ᠎ᠡ | ᠠᠷᠢᠭᠤᠨ ᠴᠠᠭᠠᠨ ᠰᠡᠳᠬᠢᠯ ᠢ | ᠠᠳᠬᠤᠯ ᠦᠭᠡᠢ ᠰᠠᠨᠠᠶ᠎ᠠ | ᠠᠰᠢᠳᠠ ᠠᠮᠣᠷ ᠢᠶᠠᠷ ᠵᠢᠷᠭᠠᠶ᠎ᠠ︕ | | ᠢᠷᠠᠯᠲᠠ᠄ ︽ᠣᠷᠠᠳ ᠠᠷᠠᠳ ᠤᠨ ᠦᠯᠢᠭᠡᠷᠲᠣ ᠳᠠᠭᠤᠣ ᠵᠢᠴᠢ ᠳᠠᠭᠤᠣ ᠶᠢᠨ ᠦᠭᠡᠰ ᠤᠨ ᠣᠳᠬ᠎ᠠ ᠰᠠᠨᠠᠭ᠎ᠠ︾ ᠨᠤᠮ ᠠᠴᠠ | | | |