ᠨᠢᠭᠡ᠂ ᠢᠰᠢᠭᠡ ︵ᠨᠢᠭᠡ ᠨᠠᠰᠤᠲᠠᠢ ᠢᠮᠠᠭ᠎ᠠ︶ | 1. ᠡᠷ᠎ᠡ ᠬᠦᠢᠰᠦ ᠶᠢᠨ ᠢᠰᠢᠭᠡ ᠶᠢ ᠡᠷ᠎ᠡ ᠢᠰᠢᠭᠡ ᠭᠡᠨ᠎ᠡ᠃ | 2. ᠡᠮ᠎ᠡ ᠬᠦᠢᠰᠦ ᠶᠢᠨ ᠢᠰᠢᠭᠡ ᠶᠢ ᠦᠬᠢᠨ ᠢᠰᠢᠭᠡ ᠭᠡᠨ᠎ᠡ᠃ ᠢᠰᠢᠭᠡ ᠶᠢ ᠪᠠᠰᠠ ᠬᠠᠩᠰᠢ ᠶᠢᠨ ᠦᠶ᠎ᠡ ᠳᠤ ᠴᠢᠮᠬᠢᠨ ᠵᠠᠰᠠᠳᠠᠭ᠃ ᠤᠬᠤᠨ᠎ᠠ | ᠲᠠᠯᠪᠢᠬᠤ ᠪᠠᠷ ᠦᠯᠡᠳᠡᠭᠡᠭᠰᠡᠨ ᠢᠰᠢᠭᠡ ᠶᠢ ᠤᠬᠤᠨᠠᠨ ᠢᠰᠢᠭᠡ ᠭᠡᠨ᠎ᠡ᠃ | ᠬᠤᠶᠠᠷ᠂ ᠰᠢᠳᠦᠯᠡᠩ ᠢᠮᠠᠭ᠎ᠠ ︵ᠬᠤᠶᠠᠷ ᠨᠠᠰᠤᠲᠠᠢ ᠢᠮᠠᠭ᠎ᠠ︶ | 1. ᠡᠷ᠎ᠡ ᠬᠦᠢᠰᠦ ᠶᠢᠨ ᠬᠤᠶᠠᠷ ᠨᠠᠰᠤᠲᠠᠢ ᠢᠮᠠᠭ᠎ᠠ ᠶᠢ ᠡᠷ᠎ᠡ ᠰᠢᠳᠦᠯᠡᠩ ᠭᠡᠨ᠎ᠡ᠃ ᠤᠬᠤᠨ᠎ᠠ ᠲᠠᠯᠪᠢᠬᠤ ᠪᠠᠷ ᠦᠯᠡᠳᠡᠭᠡᠭᠰᠡᠨ ᠢ ᠨᠢ ᠰᠢᠳᠦᠯᠡᠩ | ᠤᠬᠤᠨ᠎ᠠ ᠭᠡᠨ᠎ᠡ᠃ | 2. ᠡᠮ᠎ᠡ ᠬᠦᠢᠰᠦ ᠶᠢᠨ ᠬᠤᠶᠠᠷ ᠨᠠᠰᠤᠲᠠᠢ ᠢᠮᠠᠭ᠎ᠠ ᠶᠢ ᠦᠬᠢᠨ ᠰᠢᠳᠦᠯᠡᠩ ᠭᠡᠨ᠎ᠡ᠃ | ᠭᠤᠷᠪᠠ᠂ ᠬᠢᠵᠠᠭᠠᠯᠠᠩ ᠢᠮᠠᠭ᠎ᠠ ︵ᠭᠤᠷᠪᠠᠨ ᠨᠠᠰᠤᠲᠠᠢ ᠢᠮᠠᠭ᠎ᠠ︶ | 1. ᠡᠷ᠎ᠡ ᠬᠦᠢᠰᠦ ᠶᠢᠨ ᠬᠢᠵᠠᠭᠠᠯᠠᠩ ᠢᠮᠠᠭ᠎ᠠ ᠶᠢ ᠬᠢᠵᠠᠭᠠᠯᠠᠩ ᠰᠡᠷᠭᠡ ᠭᠡᠨ᠎ᠡ᠃ ᠬᠦᠩᠭᠡᠯᠡᠨ ᠵᠠᠰᠠᠭᠰᠠᠨ ᠦᠭᠡᠢ ᠶᠢ ᠨᠢ ᠬᠢᠵᠠᠭᠠᠯᠠᠩ ᠤᠬᠤᠨ᠎ᠠ ᠭᠡᠬᠦ | ᠪᠣᠶᠣ ᠪᠦᠳᠦᠭᠦᠨ ᠤᠬᠤᠨ᠎ᠠ ᠭᠡᠨ᠎ᠡ᠃ | 2. ᠡᠮ᠎ᠡ ᠬᠦᠢᠰᠦ ᠶᠢᠨ ᠬᠢᠵᠠᠭᠠᠯᠠᠩ ᠢᠮᠠᠭ᠎ᠠ ᠲᠦᠯᠯᠡᠬᠦ ᠨᠠᠰᠤ ᠪᠣᠯᠣᠭᠰᠠᠨ ᠢ ᠵᠤᠰᠠᠭ ᠢᠮᠠᠭ᠎ᠠ ᠭᠡᠬᠦ ᠪᠣᠶᠣ ᠪᠠᠰᠠ ᠡᠮ᠎ᠡ ᠢᠮᠠᠭ᠎ᠠ ᠭᠡᠵᠦ | ᠨᠡᠷᠡᠶᠢᠳᠦᠨ᠎ᠠ᠃ | ᠳᠦᠷᠪᠡ᠂ ᠰᠤᠶᠤᠭᠠᠯᠠᠩ ᠢᠮᠠᠭ᠎ᠠ ︵ᠳᠦᠷᠪᠡᠨ ᠨᠠᠰᠤᠲᠠᠢ ᠢᠮᠠᠭ᠎ᠠ︶ | 1. ᠡᠷ᠎ᠡ ᠬᠦᠢᠰᠦ ᠶᠢᠨ ᠰᠤᠶᠤᠭᠠᠯᠠᠩ ᠢᠮᠠᠭ᠎ᠠ ᠶᠢ ᠰᠤᠶᠤᠭᠠᠯᠠᠩ ᠰᠡᠷᠭᠡ ᠭᠡᠨ᠎ᠡ᠃ | 2. ᠡᠮ᠎ᠡ ᠬᠦᠢᠰᠦ ᠶᠢᠨ ᠰᠤᠶᠤᠭᠠᠯᠠᠩ ᠢᠮᠠᠭ᠎ᠠ ᠶᠢ ᠰᠢᠭᠤᠳ ᠡᠮ᠎ᠡ ᠢᠮᠠᠭ᠎ᠠ ᠭᠡᠨ᠎ᠡ᠃ | ᠲᠠᠪᠤ᠂ ᠲᠠᠪᠤᠨ ᠨᠠᠰᠤᠨ ᠠᠴᠠ ᠳᠡᠭᠡᠭᠰᠢᠬᠢ ᠡᠮ᠎ᠡ ᠬᠦᠢᠰᠦ ᠶᠢᠨ ᠢᠮᠠᠭ᠎ᠠ ᠶᠢ ᠪᠦᠳᠦᠭᠦᠨ ᠡᠮ᠎ᠡ ᠢᠮᠠᠭ᠎ᠠ ᠭᠡᠬᠦ ᠪᠦᠭᠡᠳ ᠡᠷ᠎ᠡ ᠬᠦᠢᠰᠦ ᠶᠢᠨ | ᠢᠮᠠᠭ᠎ᠠ ᠶᠢ ᠨᠢ ᠨᠠᠰᠤ ᠭᠦᠢᠴᠡᠭᠰᠡᠨ ᠰᠡᠷᠭᠡ ᠭᠡᠨ᠎ᠡ᠃ ᠢᠮᠠᠭ᠎ᠠ ᠬᠤᠨᠢᠨ ᠤ ᠨᠠᠰᠤ ᠶᠢ ᠰᠢᠳᠦ ᠪᠠᠷ ᠨᠢ ᠲᠤᠳᠤᠯᠠᠵᠤ ᠪᠣᠯᠣᠨ᠎ᠠ᠃ | ᠵᠢᠷᠭᠤᠭ᠎ᠠ᠂ ᠪᠣᠰᠣᠳ ᠨᠡᠷᠡᠶᠢᠳᠦᠯ | 1. ᠰᠤᠪᠠᠢ ᠢᠮᠠᠭ᠎ᠠ ᠬᠡᠭᠡᠯᠳᠦᠬᠦ ᠴᠠᠭ ᠲᠠᠭᠠᠨ ᠬᠡᠭᠡᠯ ᠲᠤᠭᠲᠠᠭᠰᠠᠨ ᠦᠭᠡᠢ ᠪᠣᠶᠣ ᠲᠦᠯᠯᠡᠬᠦ ᠨᠠᠰᠤᠨ ᠤ ᠵᠤᠰᠠᠭ ᠢᠮᠠᠭ᠎ᠠ ᠲᠦᠯ ᠦᠭᠡᠢ ᠪᠣᠯ ᠪᠠᠰᠠ | ᠰᠤᠪᠠᠢ ᠢᠮᠠᠭ᠎ᠠ ᠭᠡᠨ᠎ᠡ᠃ | 2. ᠬᠠᠶᠢᠳᠠᠭ ᠢᠮᠠᠭ᠎ᠠ ᠢᠰᠢᠭᠡ ᠨᠢ ᠦᠬᠦᠭᠰᠡᠨ ᠪᠣᠶᠣ ᠢᠰᠢᠭᠡ ᠬᠠᠶᠠᠭᠰᠠᠨ ᠢᠮᠠᠭ᠎ᠠ ᠶᠢ ᠬᠠᠶᠢᠳᠠᠭ ᠢᠮᠠᠭ᠎ᠠ ᠭᠡᠨ᠎ᠡ᠃ ᠢᠮᠠᠭ᠎ᠠ ᠭᠡᠳᠡᠭ ᠠᠮᠢᠲᠠᠨ | ᠢᠰᠢᠭᠡᠯᠡᠬᠦ ᠬᠤᠭᠤᠴᠠᠭ᠎ᠠ ᠤᠶᠢᠷᠠᠳᠬᠤ ᠲᠠᠢ ᠵᠡᠷᠭᠡ ᠪᠠᠷ ᠢᠰᠢᠭᠡ ᠬᠠᠶᠠᠬᠤ ᠦᠵᠡᠭᠳᠡᠯ ᠵᠦᠩᠳᠡᠭᠡᠨ ᠭᠠᠷᠳᠠᠭ᠃ ᠭᠡᠪᠡᠴᠦ ᠠᠷᠠᠴᠢᠯᠠᠭ᠎ᠠ ᠮᠠᠯᠯᠠᠭ᠎ᠠ ᠰᠠᠶᠢᠲᠠᠢ | ᠬᠠᠰᠢᠷ ᠬᠤᠨᠢᠴᠢᠨ ᠤ ᠢᠮᠠᠭᠠᠨ ᠰᠦᠷᠦᠭ ᠲᠤ ᠴᠦᠬᠡᠨ ᠪᠠᠶᠢᠳᠠᠭ᠂ ᠬᠠᠷᠢᠨ ᠠᠷᠠᠴᠢᠯᠠᠭ᠎ᠠ ᠮᠠᠭᠤᠲᠠᠢ ᠰᠦᠷᠦᠭ ᠲᠤ ᠢᠰᠢᠭᠡ ᠬᠠᠶᠠᠬᠤ ᠦᠵᠡᠭᠳᠡᠯ ᠬᠦᠨᠳᠦ | ᠨᠤᠴᠢᠲᠠᠢ ᠪᠠᠶᠢᠳᠠᠭ᠃ | 3. ᠢᠬᠢᠷ᠎ᠡ ᠢᠰᠢᠭᠡᠲᠦ ᠢᠮᠠᠭ᠎ᠠ ᠨᠤᠲᠤᠭ ᠤᠨ ᠢᠮᠠᠭᠠᠨ ᠰᠦᠷᠦᠭ ᠲᠤ ᠢᠬᠢᠷ᠎ᠡ ᠢᠰᠢᠭᠡᠯᠡᠬᠦ ᠢᠮᠠᠭ᠎ᠠ ᠣᠯᠠᠨ ᠪᠠᠶᠢᠳᠠᠭ᠃ ᠡᠶᠢᠮᠦ ᠢᠮᠠᠭ᠎ᠠ ᠶᠢ | ᠢᠬᠢᠷ᠎ᠡ ᠶᠢᠨ ᠡᠬᠡ ᠭᠡᠬᠦ ᠪᠣᠶᠣ ᠢᠬᠢᠷ᠎ᠡ ᠢᠰᠢᠭᠡᠲᠦ ᠢᠮᠠᠭ᠎ᠠ ᠭᠡᠳᠡᠭ᠃ | |