ᠳᠡᠯᠡᠬᠡᠢ ᠶᠢᠨ ᠨᠤᠮ ᠤᠩᠰᠢᠬᠤ ᠡᠳᠦᠷ ᠦᠪᠦᠷ ᠮᠤᠩᠭᠤᠯ ᠤᠨ ᠨᠤᠮ ᠤᠨ ᠰᠠᠩ 28 ᠲᠦᠷᠦᠯ ᠤᠨ ᠠᠵᠢᠯᠯᠠᠭ᠎ᠠ ᠦᠷᠨᠢᠬᠦᠯᠪᠠ
ᠨᠡᠶᠢᠲᠡᠯᠡᠭᠰᠡᠨ ᠴᠠᠭ᠄
2024/4/24
    4 ᠰᠠᠷ᠎ᠠ ᠶᠢᠨ 23 ᠤ ᠡᠳᠦᠷ᠂ ᠦᠪᠦᠷ ᠮᠤᠩᠭᠤᠯ ᠤᠨ ᠨᠤᠮ ᠤᠨ ᠰᠠᠩ ᠤᠨ ᠨᠢᠭᠡᠳᠦᠭᠡᠷ ᠳᠠᠪᠬᠤᠷᠯᠢᠭ ᠲᠠᠬᠢ ᠬᠠᠷᠠᠭ᠎ᠠ ᠦᠬᠡᠢ ᠬᠦᠮᠦᠰ ᠤᠨ ᠺᠢᠨᠣ᠋ ᠶᠢᠨ ᠲᠢᠩᠬᠢᠮ ᠳᠤ ᠤᠯᠠᠨ ᠬᠦᠮᠦᠨ ᠴᠤᠭᠯᠠᠷᠠᠵᠤ᠂ ᠨᠤᠮ ᠤᠨ ᠰᠠᠩ ᠤᠨ ᠠᠵᠢᠯᠳᠠᠳ ᠲᠠᠢ ᠬᠦᠭᠵᠢᠶᠡᠡᠳᠠᠢ ᠶᠠᠷᠢᠯᠴᠠᠵᠦ ᠪᠠᠶᠢᠯ᠎ᠠ᠃ ᠡᠶᠢᠨ ᠬᠦ ᠬᠤᠷᠢ ᠶᠢᠰᠦᠳᠡᠬᠢ ᠳᠡᠯᠡᠬᠡᠢ ᠶᠢᠨ ᠨᠤᠮ ᠤᠩᠰᠢᠬᠤ ᠡᠳᠦᠷ᠂ ᠬᠠᠷᠠᠭ᠎ᠠ ᠪᠠᠨ ᠠᠯᠳᠠᠭᠰᠠᠨ ᠬᠦᠮᠦᠰ ᠲᠤ ᠵᠤᠷᠢᠭᠤᠯᠤᠭᠰᠠᠨ ︽ᠰᠡᠳᠬᠢᠯ ᠤᠨ ᠭᠡᠭᠡ︾ ᠺᠢᠨᠣ᠋ ᠦᠵᠡᠬᠦᠯᠬᠡ ᠶᠢᠨ ᠠᠵᠢᠯᠯᠠᠭ᠎ᠠ ᠨᠢ ᠬᠠᠭᠤᠴᠢᠨ ᠳᠠᠨᠢᠯ ᠤᠳ ᠤᠨ ᠬᠤᠭᠤᠷᠤᠨᠳᠦ ᠶᠠᠷᠢᠶ᠎ᠠ ᠬᠦᠭᠡᠷᠦᠬᠡ ᠲᠠᠢ ᠡᠬᠢᠯᠡᠯ᠎ᠠ᠃   ᠳᠡᠯᠡᠬᠡᠢ ᠶᠢᠨ ᠨᠤᠮ ᠤᠩᠰᠢᠬᠤ ᠡᠳᠦᠷ ᠬᠦᠷᠴᠦ ᠢᠷᠡᠭᠰᠡᠨ ᠲᠠᠰᠢᠷᠠᠮ ᠳᠤ ᠦᠪᠦᠷ ᠮᠤᠩᠭᠤᠯ ᠤᠨ ᠨᠤᠮ ᠤᠨ ᠰᠠᠩ ︽ᠨᠤᠮ ᠤᠨ ᠰᠠᠩ ᠢᠶᠠᠨ ᠡᠷᠬᠢᠮᠨᠡᠵᠦ ᠤᠳᠤ ᠦᠶ᠎ᠠ ᠶᠢᠨ ᠪᠤᠯᠪᠠᠰᠤᠨ ᠢ ᠬᠠᠶᠢᠶ᠎ᠠ︾ ᠭᠤᠤᠯ ᠰᠡᠳᠦᠪ ᠢᠶᠠᠷ ᠬᠠᠷᠠᠭ᠎ᠠ ᠦᠬᠡᠢ ᠬᠦᠮᠦᠰ ᠲᠤ ᠺᠢᠨᠣ᠋ ᠰᠤᠨᠤᠰᠬᠠᠬᠤ᠂ ᠪᠠᠭᠠᠴᠤᠳ ᠬᠡᠥᠬᠡᠳ ᠲᠤ ᠵᠢᠷᠤᠭᠳᠦ ᠦᠯᠢᠭᠡᠷ ᠶᠠᠷᠢᠵᠦ ᠦᠭᠬᠦ᠂ 7D ᠺᠢᠨᠣ᠋ ᠰᠤᠨᠢᠷᠬᠠᠭᠤᠯᠬᠤ᠂ ᠬᠤᠳᠤᠩ ᠠᠷᠠᠳ ᠤᠨ ᠲᠤᠭᠤᠷᠢᠭ ᠤᠨ ᠠᠵᠢᠯᠳᠠᠳ ᠤᠨ ᠨᠤᠮ ᠤᠩᠰᠢᠯᠭ᠎ᠠ ᠶᠢᠨ ᠨᠠᠶᠢᠷ ᠵᠢᠴᠢ ᠨᠤᠮ ᠤᠩᠰᠢᠭᠰᠠᠨ ᠲᠦᠷᠦᠭᠳᠡᠯ ᠢᠶᠠᠨ ᠬᠤᠪᠢᠶᠠᠯᠴᠠᠬᠤ᠂ ᠡᠷᠳᠡᠨ ᠤ ᠰᠤᠳᠤᠷ ᠨᠤᠮ ᠢ ᠰᠡᠯᠪᠢᠨ ᠰᠡᠷᠬᠦᠬᠡᠬᠦ ᠤᠷ᠎ᠠ ᠮᠠᠷᠭᠡᠵᠢᠯ ᠢ ᠰᠤᠷᠭᠠᠭᠤᠯᠢ ᠶᠢᠨ ᠬᠦᠷᠢᠶᠡᠨ ᠳᠤ ᠤᠷᠤᠭᠤᠯᠬᠤ ᠵᠡᠷᠬᠡ 20 ᠲᠦᠷᠦᠯ ᠤᠨ ᠠᠬᠤᠢ ᠳᠠᠯᠠᠪᠠᠢ ᠶᠢᠨ ᠰᠢᠷᠢᠰ ᠠᠵᠢᠯᠯᠠᠭ᠎ᠠ ᠦᠷᠨᠢᠬᠦᠯᠵᠦ᠂ ᠪᠠᠰᠠ ᠰᠦᠯᠵᠢᠶ᠎ᠡ ᠪᠠᠷ ᠨᠤᠮ ᠤᠩᠰᠢᠬᠤ᠂ ᠮᠡᠳᠡᠯᠭᠡ ᠶᠢᠨ ᠰᠡᠳᠦᠪ ᠬᠠᠷᠢᠭᠤᠯᠬᠤ᠂ ᠨᠤᠮ ᠳᠠᠨᠢᠯᠴᠠᠭᠤᠯᠬᠤ ᠵᠡᠷᠭᠡ 8 ᠲᠦᠷᠦᠯ ᠤᠨ ᠰᠦᠯᠵᠢᠶᠡᠨ ᠳᠡᠬᠡᠷᠡᠬᠢ ᠠᠵᠢᠯᠯᠠᠭ᠎ᠠ ᠲᠤᠬᠢᠷᠠᠭᠤᠯᠵᠤ᠂ ᠪᠦᠬᠦ ᠠᠷᠠᠳ ᠢᠶᠠᠷ ᠢᠶᠠᠨ ᠨᠤᠮ ᠤᠩᠰᠢᠬᠤ᠂ ᠨᠤᠮ ᠤᠩᠰᠢᠵᠦ ᠰᠤᠶᠤᠯ ᠤᠨ ᠠᠮᠢᠳᠤᠷᠠᠯ ᠢᠶᠠᠨ ᠪᠠᠶᠠᠯᠢᠭᠵᠢᠭᠤᠯᠬᠤ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠤᠯᠭᠠᠪᠠ᠃    ︽︿ᠺᠢᠨᠣ᠋ ᠰᠤᠨᠤᠰᠬᠠᠬᠤ﹀ ᠭᠡᠵᠦ ᠬᠡᠯᠡᠬᠦ ᠠᠴᠠ ᠢᠯᠡᠬᠦᠦ ᠪᠢ ︿ᠺᠢᠨᠣ᠋ ᠦᠵᠡᠬᠦᠯᠬᠦ﹀ ᠭᠡᠳᠡᠭ ᠦᠬᠡ ᠶᠢ ᠬᠦᠯᠢᠶᠡᠨ ᠵᠦᠪᠰᠢᠶᠡᠷᠡᠳᠡᠭ᠂ ᠤᠴᠢᠷ ᠨᠢ ᠬᠠᠷᠠᠭ᠎ᠠ ᠦᠬᠡᠢ ᠬᠦᠮᠦᠰ ᠮᠠᠨ ᠤ ᠨᠤᠮ ᠤᠨ ᠰᠠᠩ ᠤᠨ ᠠᠵᠢᠯᠳᠠᠳ ᠤᠨ ᠳᠠᠶᠢᠯᠪᠤᠷᠢᠯᠠᠬᠤ ᠶᠢ ᠰᠤᠨᠤᠰᠤᠨ᠂ ᠡᠩ ᠤᠨ ᠬᠦᠮᠦᠨ ᠲᠠᠢ ᠠᠳᠠᠯᠢᠬᠠᠨ ᠢᠶᠠᠷ ᠺᠢᠨᠣ᠋ ᠦᠵᠡᠵᠦ ᠳᠡᠶᠢᠯᠳᠡᠭ ᠶᠤᠮ︾ ᠭᠡᠵᠦ ᠬᠠᠷᠠᠭ᠎ᠠ ᠦᠬᠡᠢ ᠬᠦᠮᠦᠰ ᠲᠤ ︽ᠰᠡᠳᠬᠢᠯ ᠤᠨ ᠭᠡᠭᠡ︾ ᠺᠢᠨᠣ᠋ ᠶᠢ ᠳᠠᠶᠢᠯᠪᠤᠷᠢᠯᠠᠵᠤ ᠪᠠᠶᠢᠭᠰᠠᠨ ᠰᠦ᠋ ᠪᠠᠭᠰᠢ ᠤᠴᠢᠷᠳᠠᠶᠢᠬᠠᠨ ᠬᠡᠯᠡᠨ᠎ᠠ᠃ ᠦᠪᠦᠷ ᠮᠤᠩᠭᠤᠯ ᠤᠨ ᠨᠤᠮ ᠤᠨ ᠰᠠᠩ ᠤᠯᠠᠮᠵᠢᠯᠠᠯᠳᠦ ᠴᠢᠳᠠᠪᠬᠢ ᠪᠠᠨ ᠤᠯᠠᠮ ᠰᠠᠶᠢᠨ ᠪᠠᠳᠠᠷᠠᠭᠤᠯᠵᠦ ᠪᠠᠶᠢᠭ᠎ᠠ ᠮᠦᠷᠳᠡᠭᠡᠨ ᠪᠠᠰᠠ ᠰᠢᠨᠵᠢᠯᠡᠬᠦ ᠤᠬᠠᠭᠠᠨ  ᠲᠧᠭᠨᠢᠭ ᠮᠡᠷᠭᠡᠵᠢᠯ ᠢ ᠠᠰᠢᠭᠯᠠᠨ ᠰᠢᠨ᠎ᠠ ᠴᠠᠭ ᠤᠨ ᠤᠩᠰᠢᠭᠴᠢᠳ ᠤᠨ ᠡᠯ᠎ᠠ ᠶᠢᠨ ᠬᠡᠷᠡᠭᠴᠡᠭᠡ ᠱᠠᠭᠠᠷᠳᠠᠯᠭ᠎ᠠ ᠶᠢ ᠤᠯᠠᠮ ᠰᠠᠶᠢᠨ ᠬᠠᠩᠭᠠᠵᠦ᠂ ᠨᠡᠩ ᠰᠢᠯᠢᠳᠡᠭ ᠦᠢᠯᠡᠴᠢᠯᠡᠭᠡ ᠪᠠᠷ ᠤᠯᠠᠨ ᠲᠦᠮᠡᠨ ᠤ ᠤᠶᠤᠨ ᠤ  ᠶᠢᠷᠲᠢᠨᠴᠣ ᠶᠢ ᠬᠡᠶᠢᠬᠦᠯᠵᠦ ᠪᠠᠶᠢᠨ᠎ᠠ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ