ᠦᠬᠡᠷ ᠤᠨ ᠰᠢᠮ᠎ᠡ ᠲᠡᠵᠢᠭᠡᠯ ᠤᠨ ᠰᠢᠨᠵᠢᠯᠡᠬᠦ ᠤᠬᠠᠭᠠᠨ ᠤ ᠲᠦᠭᠡᠮᠡᠯᠵᠢᠯ - ᠰᠢᠮ᠎ᠡ ᠲᠡᠵᠢᠭᠡᠯ ᠤᠨ ᠹᠢᠽᠢᠣᠯᠣᠭᠢ
ᠨᠡᠶᠢᠲᠡᠯᠡᠭᠰᠡᠨ ᠴᠠᠭ᠄
2024/4/23
    ᠨᠢᠭᠡ᠂ ᠰᠢᠩᠭᠡᠭᠡᠯᠲᠡ ᠶᠢᠨ ᠵᠠᠮ ᠤᠨ ᠪᠦᠲᠦᠴᠡ ᠪᠠ ᠴᠢᠳᠠᠮᠵᠢ ᠦᠬᠡᠷ ᠤᠨ ᠬᠤᠳᠣᠭᠤᠳᠤ ᠶᠢ ᠭᠦᠵᠡᠭᠡᠲᠦ ᠬᠤᠳᠣᠭᠤᠳᠤ᠂ ᠲᠣᠣᠷᠯᠢᠭ ᠬᠤᠳᠣᠭᠤᠳᠤ ᠂ ᠬᠠᠪᠬᠠᠯᠠᠭ᠎ᠠ ᠬᠤᠳᠣᠭᠤᠳᠤ᠂ ᠦᠷᠴᠢᠯᠡᠭᠡᠰᠦ ᠬᠤᠳᠣᠭᠤᠳᠤ ᠭᠡᠵᠦ 4 ᠲᠠᠰᠤᠯᠭ᠎ᠠ ᠬᠤᠪᠢᠶᠠᠳᠠᠭ᠃ ᠡᠮᠦᠨ᠎ᠡ 3 ᠲᠠᠰᠤᠯᠭ᠎ᠠ ᠶᠢᠨ ᠰᠠᠯᠢᠰᠤᠲᠤ ᠪᠦᠷᠬᠦᠪᠴᠢ ᠨᠢ ᠰᠢᠩᠭᠡᠭᠡᠯᠲᠡ ᠶᠢᠨ ᠪᠤᠯᠴᠢᠷᠬᠠᠢ ᠦᠭᠡᠢ᠂ ᠰᠢᠩᠭᠡᠭᠡᠯᠲᠡ ᠶᠢᠨ ᠰᠢᠩᠭᠡᠨ ᠢ ᠰᠢᠭᠦᠷᠡᠭᠦᠯᠳᠡᠭ ᠦᠭᠡᠢ᠂ ᠲᠡᠭᠦᠨ ᠢ ᠨᠡᠶᠢᠯᠡᠭᠦᠯᠦᠭᠡᠳ ᠡᠮᠦᠨ᠎ᠡ ᠬᠤᠳᠣᠭᠤᠳᠤ ᠭᠡᠳᠡᠭ᠂ ᠦᠷᠴᠢᠯᠡᠭᠡᠰᠦ ᠬᠤᠳᠣᠭᠤᠳᠤ ᠶᠢ ᠪᠠᠰᠠ ᠵᠢᠩᠬᠢᠨᠢ ᠬᠤᠳᠣᠭᠤᠳᠤ ᠭᠡᠳᠡᠭ᠂ ᠲᠡᠭᠦᠨ ᠤ ᠰᠠᠯᠢᠰᠤᠲᠤ ᠪᠦᠷᠬᠦᠪᠴᠢ ᠨᠢ ᠰᠢᠩᠭᠡᠭᠡᠯᠲᠡ ᠶᠢᠨ ᠰᠢᠩᠭᠡᠨ ᠢ ᠰᠢᠭᠦᠷᠡᠭᠦᠯᠳᠡᠭ᠂ ᠲᠡᠭᠦᠨ ᠤ ᠠᠵᠢᠯᠯᠠᠭ᠎ᠠ ᠨᠢ ᠭᠠᠭ᠋ᠠᠢ᠂ ᠮᠣᠷᠢ ᠵᠡᠷᠭᠡ ᠠᠮᠢᠲᠠᠨ ᠲᠠᠢ ᠠᠳᠠᠯᠢᠪᠲᠤᠷ ᠪᠠᠶᠢᠳᠠᠭ᠃    ᠬᠤᠶᠠᠷ᠂ ᠭᠦᠵᠡᠭᠡ ᠪᠠᠶᠢᠷᠢᠯᠠᠯ᠄ ᠪᠠᠷᠤᠭ ᠪᠦᠬᠦ ᠬᠡᠪᠡᠯᠢ ᠶᠢᠨ ᠬᠥᠨᠳᠡᠢ ᠶᠢᠨ ᠵᠡᠭᠦᠨ ᠬᠠᠭᠠᠰ ᠬᠡᠰᠡᠭ ᠢ ᠡᠵᠡᠯᠡᠨ᠎ᠡ᠃ ᠶᠡᠭᠡ ᠪᠠᠭ᠎ᠠ᠄ ᠪᠠᠭᠲᠠᠭᠠᠮᠵᠢ ᠶᠡᠭᠡ᠂ ᠦᠬᠡᠷ ᠤᠨ ᠬᠤᠳᠣᠭᠤᠳᠤᠨ ᠤ ᠳᠥᠷᠪᠡᠨ ᠲᠠᠰᠤᠯᠭ᠎ᠠ ᠶᠢᠨ ᠶᠡᠷᠦᠩᠬᠡᠢ ᠪᠠᠭᠲᠠᠭᠠᠮᠵᠢ ᠶᠢᠨ 80% ᠶᠢ ᠡᠵᠡᠯᠡᠨ᠂ ᠲᠣᠮᠣ ᠬᠡᠯᠪᠡᠷᠢ ᠶᠢᠨ ᠦᠬᠡᠷ ᠤᠨ ᠭᠦᠵᠡᠭᠡᠨ ᠤ ᠪᠠᠭᠲᠠᠭᠠᠮᠵᠢ ᠨᠢ 140-230L᠂ ᠵᠢᠵᠢᠭ ᠬᠡᠯᠪᠡᠷᠢ ᠶᠢᠨ ᠦᠬᠡᠷ 95-130L ᠪᠣᠯᠣᠨ᠎ᠠ᠃ ᠦᠢᠯᠡᠳᠦᠯ᠄ ᠭᠦᠵᠡᠭᠡ ᠪᠣᠯ ᠢᠰᠬᠡᠭᠰᠡᠨ ᠲᠡᠵᠢᠭᠡᠯ ᠪᠣᠷᠳᠣᠭᠠᠨ ᠤ ᠲᠠᠯᠠᠪᠤᠷ ᠮᠥᠨ᠂ ᠭᠤᠣᠯᠳᠠᠭᠤ ᠮᠢᠺᠷᠣᠪ ᠢᠶᠠᠷ ᠰᠢᠩᠭᠡᠭᠡᠳᠡᠭ᠃    ᠭᠤᠷᠪᠠ᠂ ᠲᠣᠣᠷᠯᠢᠭ ᠬᠤᠳᠣᠭᠤᠳᠤ ᠪᠠᠶᠢᠷᠢᠰᠢᠯ᠄ ᠲᠣᠣᠷᠯᠢᠭ ᠬᠤᠳᠣᠭᠤᠳᠤ ᠨᠢ ᠭᠦᠵᠡᠭᠡᠨ ᠤ ᠡᠮᠦᠨ᠎ᠡ ᠳᠣᠣᠷ᠎ᠠ ᠲᠠᠯ᠎ᠠ ᠳᠤ ᠪᠠᠶᠢᠷᠢᠰᠢᠵᠤ᠂ ᠥᠷᠥᠴᠡ ᠲᠠᠢ ᠨᠢᠭᠲᠠ ᠨᠠᠭᠠᠯᠳᠤᠨ᠂ ᠠᠯᠢᠮ᠎ᠠ ᠬᠡᠯᠪᠡᠷᠢᠲᠡᠢ᠂ ᠡᠮᠦᠨ᠎ᠡ ᠬᠤᠶᠢᠨ᠎ᠠ ᠨᠢ ᠵᠢᠭᠠᠬᠠᠨ ᠬᠠᠮᠰᠠᠶᠢᠭᠠᠷ᠂ ᠪᠠᠷᠤᠭ 6-9 ᠳ᠋ᠦ᠋ᠭᠡᠷ ᠬᠠᠪᠢᠷᠭ᠎ᠠ ᠶᠢᠨ ᠵᠠᠪᠰᠠᠷ ᠲᠠᠢ ᠡᠰᠡᠷᠭᠦᠯᠡᠨ᠎ᠡ᠃ ᠶᠡᠭᠡ ᠪᠠᠭ᠎ᠠ᠄ ᠦᠬᠡᠷ ᠤᠨ ᠬᠤᠳᠣᠭᠤᠳᠤᠨ ᠤ ᠳᠥᠷᠪᠡᠨ ᠲᠠᠰᠤᠯᠭ᠎ᠠ ᠶᠢᠨ ᠳᠤᠳᠤᠷ᠎ᠠ ᠪᠠᠭᠲᠠᠭᠠᠮᠵᠢ ᠪᠠᠷ ᠬᠠᠮᠤᠭ ᠪᠠᠭ᠎ᠠ ᠨᠢᠭᠡ ᠲᠠᠰᠤᠯᠭ᠎ᠠ ᠪᠠᠶᠢᠵᠤ᠂ ᠨᠠᠰᠤᠨ ᠳᠤ ᠬᠦᠷᠦᠭᠰᠡᠨ ᠦᠬᠡᠷ ᠤᠨ ᠲᠣᠣᠷᠯᠢᠭ ᠬᠤᠳᠣᠭᠤᠳᠤ ᠨᠢ ᠪᠠᠷᠤᠭ ᠳᠥᠷᠪᠡᠨ ᠬᠤᠳᠣᠭᠤᠳᠤᠨ ᠤ ᠲᠠᠰᠤᠯᠭ᠎ᠠ ᠶᠢᠨ ᠶᠡᠷᠦᠩᠬᠡᠢ ᠪᠠᠭᠲᠠᠭᠠᠮᠵᠢ ᠶᠢᠨ 5% ᠶᠢ ᠡᠵᠡᠯᠡᠨ᠎ᠡ᠃ ᠦᠢᠯᠡᠳᠦᠯ᠄ ᠭᠦᠵᠡᠭᠡᠨ ᠤ ᠠᠭᠰᠢᠯᠲᠠ ᠲᠠᠢ ᠤᠶᠠᠯᠳᠤᠭᠤᠯᠤᠨ᠂ ᠢᠳᠡᠭᠡᠨ ᠢ ᠳᠠᠬᠢᠨ ᠠᠮᠠᠨ ᠤ ᠬᠥᠨᠳᠡᠢ ᠳᠤ ᠪᠤᠴᠠᠭᠠᠵᠤ᠂ ᠬᠡᠪᠢᠵᠦ᠂ ᠲᠡᠵᠢᠭᠡᠯ ᠪᠣᠷᠳᠤᠭ᠎ᠠ ᠶᠢ ᠳᠠᠭᠠᠵᠤ ᠤᠷᠤᠭᠰᠠᠨ ᠬᠦᠨᠳᠦ ᠶᠠᠭᠤᠮ᠎ᠠ  ︵ᠬᠠᠳᠠᠭᠠᠰᠤ᠂ ᠲᠡᠮᠦᠷ ᠤᠲᠠᠰᠤ︶ ᠶᠢ ᠠᠳᠡ ᠰᠢᠭᠰᠢᠨ ᠬᠤᠴᠤᠷᠭᠠᠳᠠᠭ︔ ᠦᠢᠯᠡᠳᠦᠯ᠄ ᠢᠳᠡᠭᠡᠨ ᠢ ᠨᠢᠴᠠᠯᠤᠨ ᠬᠡᠮᠬᠡᠴᠢᠬᠦ᠂ ᠢᠰᠬᠡᠵᠦ ᠵᠥᠭᠡᠭᠡᠪᠦᠷᠢᠯᠡᠬᠦ ᠦᠢᠯᠡᠳᠦᠯ ᠲᠠᠢ᠃    ᠳᠥᠷᠪᠡ᠂ ᠬᠠᠪᠬᠠᠯᠠᠭ᠎ᠠ ᠬᠤᠳᠣᠭᠤᠳᠤ ᠪᠠᠶᠢᠷᠢᠰᠢᠯ᠄ ᠬᠠᠪᠬᠠᠯᠠᠭ᠎ᠠ ᠬᠤᠳᠣᠭᠤᠳᠤ ᠨᠢ ᠪᠠᠷᠠᠭᠤᠨ ᠬᠠᠪᠢᠷᠭᠠᠨ ᠬᠡᠰᠡᠭ ᠲᠤ ᠪᠠᠶᠢᠷᠢᠯᠠᠵᠤ᠂ ᠭᠦᠵᠡᠭᠡ ᠪᠣᠯᠣᠨ ᠲᠣᠣᠷᠯᠢᠭ ᠬᠤᠳᠣᠭᠤᠳᠤ ᠶᠢᠨ ᠠᠭᠤᠯᠵᠠᠷ ᠤᠨ ᠪᠠᠷᠠᠭᠤᠨ ᠲᠠᠯ᠎ᠠ ᠳᠤ ᠪᠠᠶᠢᠵᠤ᠂ ᠪᠠᠷᠤᠭ 7-11 ᠪᠤᠶᠤ 12 ᠳ᠋ᠤᠭᠠᠷ ᠬᠠᠪᠢᠷᠭᠠᠨ ᠶᠠᠰᠤ ᠲᠠᠢ ᠡᠰᠡᠷᠭᠦᠯᠡᠨ ᠣᠷᠣᠰᠢᠳᠠᠭ ︵ᠬᠤᠨᠢᠨ ᠤ ᠨᠡᠯᠢᠶᠡᠳ ᠪᠠᠭ᠎ᠠ ᠨᠢ 9-10 ᠳ᠋ᠤᠭᠠᠷ ᠬᠠᠪᠢᠷᠭᠠᠨ ᠶᠠᠰᠤ ᠲᠠᠢ ᠡᠰᠡᠷᠭᠦᠯᠡᠨ ᠣᠷᠣᠰᠢᠳᠠᠭ᠂ ᠪᠠᠶᠢᠷᠢᠰᠢᠯ ᠨᠢ ᠦᠬᠡᠷ ᠤᠨ ᠬᠢ ᠠᠴᠠ ᠥᠨᠳᠥᠷ ᠪᠥᠭᠡᠳ ᠬᠡᠪᠡᠯᠢ ᠶᠢᠨ ᠬᠠᠨ᠎ᠠ ᠲᠠᠢ ᠬᠦᠷᠦᠯᠴᠡᠬᠦ ᠦᠭᠡᠢ︶᠃ ᠶᠡᠭᠡ ᠪᠠᠭ᠎ᠠ᠄ ᠶᠡᠷᠦᠩᠬᠡᠢ ᠪᠠᠭᠲᠠᠭᠠᠮᠵᠢ ᠶᠢᠨ 7-8% ᠶᠢ ᠡᠵᠡᠯᠡᠳᠡᠭ ᠃ ᠦᠢᠯᠡᠳᠦᠯ᠄ ᠭᠦᠵᠡᠭᠡᠨ ᠤ ᠰᠢᠩᠭᠡᠭᠡᠯᠲᠡ ᠶᠢᠨ ᠠᠵᠢᠯᠯᠠᠭ᠎ᠠ ᠶᠢᠨ ᠦᠷᠭᠦᠯᠵᠢᠯᠡᠯ᠂ ᠲᠡᠭᠦᠨ ᠤ ᠠᠵᠢᠯᠯᠠᠭ᠎ᠠ ᠨᠢ ᠶᠠᠭ ᠤᠰᠤᠨ ᠬᠥᠭᠡᠷᠭᠡ ᠲᠠᠢ ᠠᠳᠠᠯᠢ᠂ ᠭᠦᠵᠡᠭᠡᠨ ᠤ ᠳᠣᠲᠣᠷᠠᠬᠢ ᠪᠣᠳᠠᠰ ᠨᠢ ᠠᠳᠡ ᠥᠳᠬᠡᠷᠡᠬᠦ ᠶᠢᠨ ᠬᠠᠮᠲᠤ ᠤᠯᠠᠮ ᠨᠢᠭᠡ ᠠᠯᠬᠤᠮ ᠨᠢᠴᠠᠯᠵᠤ᠂ ᠦᠷᠦᠵᠦ ᠦᠷᠦᠭᠰᠡᠨ ᠲᠡᠵᠢᠭᠡᠯ ᠪᠣᠷᠳᠣᠭᠠᠨ ᠤ ᠮᠥᠬᠦᠯᠢᠭ ᠢ ᠦᠷᠴᠢᠯᠡᠭᠡᠰᠦ ᠳᠤ ᠣᠷᠣᠭᠤᠯᠬᠤ ᠶᠢᠨ ᠬᠠᠮᠲᠤ ᠤᠰᠤ᠂ ᠵᠢᠵᠢᠭ ᠫᠧᠫᠲ᠋ᠢᠳ᠋᠂ ᠳᠡᠭᠳᠡᠮᠡᠬᠡᠢ ᠥᠭᠡᠬᠦᠨ ᠬᠦᠴᠢᠯ ︵VFA︶ ᠪᠣᠯᠣᠨ ᠵᠠᠷᠢᠮ ᠣᠷᠭᠠᠨᠢᠭ ᠪᠤᠰᠤ ᠢᠶᠤᠨ ᠢ ᠰᠢᠩᠭᠡᠭᠡᠬᠦ ᠴᠢᠳᠠᠪᠤᠷᠢ ᠪᠠᠷ ᠮᠠᠰᠢ ᠴᠢᠩᠭ᠎ᠠ ᠪᠠᠶᠢᠳᠠᠭ᠃    ᠲᠠᠪᠤ᠂ ᠦᠷᠴᠢᠯᠡᠭᠡᠰᠦ ᠬᠤᠳᠣᠭᠤᠳᠤ ᠪᠠᠶᠢᠷᠢᠯᠠᠯ᠄ ᠪᠠᠷᠠᠭᠤᠨ ᠬᠠᠪᠢᠷᠭᠠᠨ ᠬᠡᠰᠡᠭ ᠪᠠ ᠰᠡᠯᠡᠮᠡᠨ ᠬᠡᠯᠪᠡᠷᠢᠲᠦ ᠮᠥᠭᠡᠷᠰᠦᠨ ᠤ ᠬᠡᠰᠡᠭ ᠲᠤ ᠪᠠᠶᠢᠷᠢᠯᠠᠵᠤ᠂ ᠲᠣᠣᠷᠯᠢᠭ ᠬᠤᠳᠣᠭᠤᠳᠤ ᠪᠠ ᠭᠦᠵᠡᠭᠡᠨ ᠤ ᠬᠡᠪᠡᠯᠢ ᠶᠢᠨ ᠤᠭᠤᠲᠠ ᠶᠢᠨ ᠪᠠᠷᠠᠭᠤᠨ ᠲᠠᠯ᠎ᠠ᠂ ᠦᠷᠴᠢᠯᠡᠭᠡᠰᠦ ᠬᠤᠳᠣᠭᠤᠳᠤᠨ ᠤ ᠬᠡᠪᠡᠯᠢ ᠶᠢᠨ ᠲᠠᠯ᠎ᠠ ᠪᠠ ᠠᠷᠤ ᠲᠠᠯ᠎ᠠ ᠶᠢᠨ ᠶᠡᠬᠡᠩᠬᠢ ᠬᠡᠰᠡᠭ ᠨᠢ ᠬᠡᠪᠡᠯᠢ ᠶᠢᠨ ᠬᠥᠨᠳᠡᠢ ᠶᠢᠨ ᠢᠷᠤᠭᠠᠷ ᠤᠨ ᠬᠠᠨ᠎ᠠ ᠲᠠᠢ ᠨᠢᠭᠲᠠ ᠨᠠᠭᠠᠯᠳᠤᠨ᠎ᠠ᠃ ᠶᠡᠭᠡ ᠪᠠᠭ᠎ᠠ᠄ ᠳᠥᠷᠪᠡᠨ ᠬᠤᠳᠣᠭᠤᠳᠤᠨ ᠬᠤᠪᠲᠣᠯ ᠤᠨ ᠪᠠᠭᠲᠠᠭᠠᠮᠵᠢ ᠶᠢᠨ 7-8% ᠶᠢ ᠡᠵᠡᠯᠡᠳᠡᠭ᠃ ᠴᠢᠳᠠᠪᠤᠷᠢ᠄ ᠬᠡᠪᠢᠭᠴᠢ ᠠᠮᠢᠲᠠᠨ ᠤ ᠴᠣᠷ ᠤᠨ ᠭᠠᠭᠴᠠ ᠰᠢᠭᠦᠷᠡᠭᠦᠯᠬᠦ ᠴᠢᠳᠠᠪᠤᠷᠢ ᠲᠠᠢ ᠬᠤᠳᠣᠭᠤᠳᠤ᠂ ᠨᠢᠭᠡᠴᠢ ᠠᠮᠢᠲᠠᠨ ᠲᠠᠢ ᠠᠳᠠᠯᠢᠪᠲᠤᠷ᠂ ᠳᠠᠪᠤᠰᠤᠨ ᠬᠦᠴᠢᠯ᠂ ᠬᠤᠳᠣᠭᠤᠳᠤᠨ ᠤ ᠤᠭᠤᠷᠠᠭ ᠤᠨ ᠢᠰᠬᠡᠭᠦᠷ ᠵᠡᠷᠭᠡ ᠰᠢᠩᠭᠡᠭᠡᠯᠲᠡ ᠶᠢᠨ ᠰᠢᠩᠭᠡᠨ ᠢ ᠰᠢᠭᠦᠷᠡᠭᠦᠯᠦᠨ᠎ᠡ᠃
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ