ᠠᠷᠭᠠᠯ ᠬᠦᠷᠵᠡᠩ ᠤᠨ ᠲᠤᠬᠠᠢ ᠨᠡᠷᠡᠶᠢᠳᠤᠯ ᠬᠢᠭᠡᠳ ᠭᠡᠷᠡᠭᠴᠡᠭᠡᠨ ᠤ ᠲᠤᠬᠠᠢ
ᠨᠡᠶᠢᠲᠡᠯᠡᠭᠰᠡᠨ ᠴᠠᠭ᠄
2024/4/23
   ᠬᠠᠳᠠᠭᠤ ᠬᠠᠷ᠎ᠠ ᠠᠷᠭᠠᠯ᠄ ᠬᠠᠪᠤᠷ ᠴᠠᠰᠤ ᠬᠠᠶᠢᠯᠵᠦ᠂ ᠦᠭᠡᠷ ᠤᠨ ᠪᠠᠭᠠᠰᠤ ᠬᠦᠯᠳᠡᠬᠦ ᠦᠭᠡᠢ ᠪᠤᠯᠬᠤ ᠠᠴᠠ ᠨᠤᠭᠤᠭᠠᠨ ᠳᠤ ᠴᠠᠳᠳᠠᠯᠠᠬᠢ ᠬᠤᠭᠤᠴᠠᠭᠠᠨ ᠳᠠᠬᠢ ᠦᠬᠡᠷ ᠤᠨ ᠪᠠᠭᠠᠰᠤ ᠶᠢ ᠬᠠᠪᠤᠷ ᠤᠨ ᠬᠠᠳᠠᠭᠤ ᠬᠠᠷ᠎ᠠ ᠭᠡᠳᠡᠭ᠃ ᠠᠷᠭᠠᠯ ᠳᠤᠳᠤᠷ᠎ᠠ ᠪᠠᠨ ᠬᠠᠪᠤᠷ ᠤᠨ ᠬᠠᠳᠠᠭᠤ ᠬᠠᠷ᠎ᠠ ᠶᠢᠨ ᠢᠯᠴᠢ ᠢᠯᠭᠠᠷᠠᠬᠤ ᠨᠢ ᠤᠳᠠᠭᠠᠨ ᠲᠠᠭᠠᠴᠢᠲᠠᠢ ᠪᠠᠶᠢᠳᠠᠭ ᠠᠴᠠ ᠶᠡᠬᠡᠩᠬᠢ ᠳᠡᠭᠡᠨ ᠵᠤᠨ ᠳᠠᠭᠠᠨ ᠪᠤᠯ ᠴᠠᠭ᠎ᠠ ᠪᠤᠴᠠᠯᠭᠠᠬᠤ ᠪᠤᠶᠤ ᠠᠶᠢᠷᠠᠭ ᠨᠡᠷᠡᠬᠦ ᠳᠤ ᠭᠤᠤᠯᠴᠢᠯᠠᠨ ᠲᠦᠯᠡᠳᠡᠭ᠃    ᠬᠠᠭᠤᠳᠠᠰᠤ᠄ ᠵᠤᠨ ᠤ ᠴᠠᠭ ᠤᠨ ᠨᠤᠭᠤᠭᠠᠨ ᠤ ᠰᠢᠩᠭᠡᠨ ᠪᠠᠭᠠᠰᠤ ᠶᠢ ᠳᠡᠯᠭᠡᠵᠦ ᠡᠷᠬᠢᠬᠦᠯᠬᠦ ᠦᠭᠡᠢ ᠪᠠᠷ ᠬᠤᠷᠤᠬᠠᠢ ᠳᠤ ᠢᠳᠡᠭᠦᠯᠦᠭᠰᠡᠨ ᠢᠶᠠᠷ ᠢᠶᠠᠨ ᠬᠠᠳᠠᠭᠰᠠᠨ ᠦᠭᠡᠷ ᠤᠨ ᠪᠠᠭᠠᠰᠤ ᠶᠢ ᠭᠡᠯᠡᠳᠡᠭ᠃ ᠭᠤᠤᠯ ᠢ ᠨᠢ ᠪᠦᠷ ᠬᠤᠷᠤᠬᠠᠢ ᠢᠳᠡᠴᠢᠬᠡᠬᠦ ᠤᠴᠢᠷ ᠬᠠᠭᠤᠳᠠᠰᠤ ᠯᠠ ᠦᠯᠡᠳᠡᠳᠡᠭ᠃ ᠢᠯᠴᠢ ᠮᠠᠭᠤᠲᠠᠢ᠂ ᠦᠨᠡᠰᠤ ᠶᠡᠬᠡᠲᠡᠢ ᠠᠷᠪᠢ ᠪᠠᠷ ᠵᠢᠭᠠᠬᠠᠨ ᠠᠨᠠᠢ ᠲᠦᠯᠡᠰᠢ᠃ ᠵᠤᠨ ᠤ ᠭᠤᠤᠯ ᠤᠨ ᠬᠠᠯᠠᠭᠤᠨ ᠳᠤ ᠴᠠᠢ ᠬᠤᠭᠤᠯᠨ ᠪᠡᠯᠡᠳᠭᠡᠬᠦ ᠳᠤ ᠭᠤᠤᠯᠳᠠᠭᠤ ᠭᠡᠷᠡᠭᠯᠡᠳᠡᠭ᠃    ᠵᠤᠨ ᠤ ᠴᠠᠭᠠᠨ ᠠᠷᠭᠠᠯ᠄ ᠵᠤᠨ ᠤ ᠴᠠᠭ ᠤᠨ ᠨᠤᠭᠤᠭᠠᠨ ᠤ ᠰᠢᠩᠭᠡᠨ ᠪᠠᠭᠠᠰᠤ ᠶᠢ ᠰᠠᠪᠠᠷ ᠢᠶᠠᠷ ᠡᠷᠭᠢᠬᠦᠯᠵᠦ ᠲᠡᠯᠭᠡᠭᠡᠳ ᠬᠠᠳᠠᠭᠠᠪᠠᠯ ᠨᠡᠯᠢᠶᠡᠳ ᠢᠯᠴᠢᠯᠢᠭ ᠴᠠᠭᠠᠨ ᠦᠩᠭᠡᠲᠡᠢ ᠠᠷᠭᠠᠯ ᠪᠤᠯᠳᠠᠭ᠃ ᠡᠨᠡ ᠶᠢ ᠨᠢ ᠵᠤᠨ ᠤ ᠴᠠᠭᠠᠨ ᠠᠷᠭᠠᠯ ᠭᠡᠵᠤ ᠵᠤᠰᠠᠮᠠᠯ ᠤᠨ ᠲᠦᠯᠡᠰᠢ ᠪᠤᠯᠭᠠᠳᠠᠭ᠃ ᠵᠤᠨ ᠤ ᠴᠠᠭ ᠤᠨ ᠨᠤᠭᠤᠭᠠᠨ ᠤ ᠰᠢᠩᠭᠡᠨ ᠪᠠᠭᠠᠰᠤ ᠶᠢ ᠰᠢᠭᠤᠳ ᠰᠠᠪᠠᠷ ᠢᠶᠠᠷ ᠠᠪᠤᠭᠠᠳ ᠲᠠᠯᠠᠩ ᠲᠠᠢ ᠠᠷᠭᠠᠯ ᠢᠶᠠᠨ ᠰᠢᠪᠡᠪᠡᠯ ᠪᠤᠷᠤᠭᠠᠨ ᠤ ᠤᠰᠤ ᠨᠡᠪᠳᠡᠷᠡᠬᠦ ᠦᠭᠡᠢ ᠮᠦᠷᠳᠡᠭᠡᠨ ᠲᠠᠯᠠᠩ ᠲᠠᠢ ᠠᠷᠭᠠᠯ ᠨᠤᠷᠠᠵᠦ ᠰᠦᠢᠳᠬᠦ ᠦᠭᠡᠢ ᠠᠰᠢᠭᠲᠠᠢ ᠪᠠᠶᠢᠳᠠᠭ᠃    ᠨᠠᠮᠤᠷ ᠤᠨ ᠰᠢᠷ᠎ᠠ ᠠᠷᠭᠠᠯ᠄ ᠨᠠᠮᠤᠷ ᠡᠪᠡᠰᠤ ᠬᠠᠯᠳᠠᠷᠳᠠᠬᠤ ᠠᠴᠠ ᠡᠬᠢᠯᠡᠨ ᠦᠭᠡᠷ ᠤᠨ ᠪᠠᠭᠠᠰᠤ ᠬᠦᠯᠳᠡᠬᠦ ᠪᠤᠯᠳᠠᠯᠠᠬᠢ ᠬᠤᠭᠤᠴᠠᠭᠠᠨ ᠤ ᠦᠬᠡᠷ ᠤᠨ ᠪᠠᠭᠠᠰᠤ ᠶᠢ ᠨᠠᠮᠤᠷ ᠤᠨ ᠰᠢᠷ᠎ᠠ ᠠᠷᠭᠠᠯ ᠭᠡᠳᠡᠭ᠃ ᠠᠷᠭᠠᠯ ᠳᠤᠳᠤᠷ᠎ᠠ ᠪᠠᠨ ᠰᠢᠷ᠎ᠠ ᠠᠷᠭᠠᠯ ᠤᠨ ᠢᠯᠴᠢ ᠢᠯᠭᠠᠷᠠᠬᠤ ᠭᠡᠮᠵᠢᠶ᠎ᠡ ᠨᠢ ᠬᠠᠮᠤᠭ ᠦᠨᠳᠦᠷ ᠮᠦᠷᠳᠡᠭᠡᠨ ᠳᠠᠭᠠᠴᠢᠲᠠᠢ ᠪᠠᠶᠢᠳᠠᠭ᠃ ᠶᠢᠰᠤ ᠶᠢᠨ ᠭᠤᠤᠯ ᠤᠨ ᠬᠦᠢᠳᠡᠨ ᠤ ᠤᠯᠳᠠᠰᠢ ᠦᠭᠡᠢ ᠲᠦᠯᠡᠰᠢ᠃    ᠡᠪᠦᠯ ᠤᠨ ᠬᠦᠯᠳᠡᠭᠦᠰᠤᠨ ᠠᠷᠭᠠᠯ᠄ ᠬᠦᠯᠳᠡᠵᠦ ᠬᠠᠳᠠᠭᠰᠠᠨ ᠦᠭᠡᠷ ᠤᠨ ᠪᠠᠭᠠᠰᠤ ᠪᠦᠬᠦᠨ ᠢ ᠬᠦᠯᠳᠡᠬᠦᠰᠦᠨ ᠠᠷᠭᠠᠯ ᠭᠡᠳᠡᠭ᠃ ᠤᠯᠠᠪᠢᠷ ᠰᠢᠷᠠᠪᠳᠤᠷ ᠦᠩᠭᠡᠳᠠᠢ ᠵᠦᠭᠡᠯᠡᠨ᠂ ᠲᠠᠭᠠᠴᠢ ᠮᠠᠭᠤᠲᠠᠢ ᠪᠤᠯᠪᠠᠴᠤ ᠢᠯᠴᠢᠯᠢᠭ ᠪᠠᠶᠢᠳᠠᠭ᠃ ᠭᠠᠯ ᠨᠤᠴᠤᠭᠠᠬᠤ ᠪᠤᠶᠤ ᠬᠦᠭᠵᠢᠭᠡᠬᠦ ᠳᠤ ᠰᠠᠶᠢᠨ ᠪᠠᠶᠢᠳᠠᠭ᠃ ᠠᠷᠠᠰᠤ ᠤᠳᠤᠬᠤ ᠳᠤ ᠲᠠᠯᠠᠩ ᠲᠠᠢ ᠬᠦᠯᠳᠡᠭᠦᠰᠤᠨ ᠳᠤᠳᠤᠷ᠎ᠠ ᠠᠴᠠ ᠤᠯᠠᠪᠢᠷ ᠰᠢᠷ᠎ᠠ ᠦᠩᠭᠡᠲᠡᠢ ᠶᠢ ᠨᠢ ᠰᠢᠯᠢᠵᠦ ᠤᠳᠤᠪᠠᠯ ᠦᠩᠭᠡ ᠲᠡᠪᠡᠯ ᠤᠨ ᠦᠩᠭᠡ ᠨᠡᠩ ᠭᠤᠶᠤ ᠪᠤᠯᠳᠠᠭ᠃ ᠵᠢᠯ ᠦᠨᠵᠢᠭᠰᠡᠨ ᠬᠦᠭᠡ ᠠᠷᠭᠠᠯ᠄ ᠭᠡᠳᠤᠨ ᠵᠢᠯ ᠪᠤᠯᠤᠭᠰᠠᠨ ᠬᠦᠬᠡ ᠠᠷᠭᠠᠯ ᠢ ᠤᠳᠤᠯᠭᠠᠨ ᠤ ᠨᠤᠷᠮᠠᠨ ᠳᠤ ᠭᠤᠤᠯᠳᠠᠭᠤ ᠭᠡᠷᠡᠭᠯᠡᠳᠡᠭ ᠠᠴᠠ ᠭᠠᠳᠠᠨ᠎ᠠ ᠰᠢᠭᠤᠳ ᠤᠳᠤᠯᠭ᠎ᠠ ᠪᠠᠷ ᠭᠡᠷᠡᠭᠯᠡᠳᠡᠭ ᠴᠤ ᠤᠴᠢᠷ ᠪᠤᠢ᠃ ᠬᠦᠬᠡ ᠠᠷᠭᠠᠯ ᠪᠠᠷ ᠤᠳᠤᠬᠤ ᠨᠢ ᠨᠢᠶᠠᠨ ᠲᠠᠷᠤᠵᠦ᠂ ᠵᠢᠷᠤᠭᠡᠨ ᠤ ᠠᠵᠢᠯᠯᠠᠭ᠎ᠠ ᠶᠢ ᠰᠠᠶᠢᠵᠢᠷᠠᠭᠤᠯᠳᠠᠭ ᠲᠠᠮᠢᠷᠵᠠᠭᠤᠯᠬᠤ ᠤᠳᠤᠯᠭ᠎ᠠ ᠭᠡᠵᠤ ᠦᠵᠡᠳᠡᠭ᠃    ᠬᠤᠮᠤᠤᠯ᠄ ᠠᠳᠤᠭᠤᠨ ᠤ ᠪᠠᠭᠠᠰᠤ ᠶᠤᠮ᠃ ᠦᠩᠭᠡ ᠪᠠᠷ ᠨᠢ ᠰᠢᠷ᠎ᠠ ᠬᠤᠮᠤᠤᠯ ᠪᠤᠶᠤ ᠬᠦᠬᠡ ᠬᠤᠮᠤᠤᠯ ᠭᠡᠳᠡᠭ᠃ ᠰᠢᠷ᠎ᠠ ᠬᠤᠮᠤᠤᠯ ᠢ ᠨᠢ ᠠᠷᠠᠰᠤ ᠤᠳᠤᠬᠤ ᠳᠤ ᠭᠡᠷᠡᠭᠯᠡᠪᠡᠯ ᠬᠦᠨ ᠰᠢᠷᠭᠠᠯ ᠦᠩᠭᠡᠲᠡᠢ ᠤᠳᠤᠭ᠎ᠠ ᠰᠠᠭᠤᠳᠠᠭ᠃ ᠠᠳᠤᠭᠤᠨ ᠤ ᠬᠤᠮᠤᠤᠯ ᠢᠶᠠᠷ ᠦᠷᠦᠮ᠎ᠡ ᠬᠦᠰᠢᠭᠡᠬᠦ ᠪᠤᠶᠤ ᠦᠷᠦᠮ᠎ᠡ ᠬᠤᠷᠢᠶᠠᠬᠤ ᠳᠤ ᠲᠤᠰᠬᠠᠢ ᠵᠤᠷᠢᠭᠤᠯᠤᠯᠲᠠ ᠲᠠᠢ ᠲᠦᠯᠡᠰᠢ ᠯᠠ ᠭᠡᠵᠤ ᠬᠡᠯᠡᠬᠦ ᠳᠤ ᠢᠯᠡᠬᠦᠳᠡᠬᠦ ᠦᠭᠡᠢ ᠶᠤᠮ᠃ ᠬᠤᠮᠤᠤᠯ ᠪᠤᠯ ᠭᠡᠳᠡ ᠴᠠᠬᠢᠭᠤᠷ ᠢᠶᠠᠷ ᠭᠠᠯ ᠨᠤᠴᠤᠭᠠᠵᠦ ᠪᠠᠶᠢᠬᠰᠠᠨ ᠦᠶ᠎ᠡ ᠳᠤ ᠤᠯᠨ ᠡᠪᠡᠰᠤᠨ ᠤ ᠲᠤᠤᠷ᠎ᠠ ᠲᠠᠯᠪᠢᠨ ᠭᠠᠯ ᠬᠠᠯᠳᠠᠭᠠᠬᠤ ᠳᠤ ᠬᠠᠮᠤᠭ ᠠᠮᠠᠷᠬᠠᠨ ᠤᠩᠭᠤᠳᠳᠠᠳᠠᠭ ᠲᠦᠯᠡᠰᠢ ᠶᠤᠮ᠃ ᠬᠤᠷᠭᠤᠯ᠄ ᠬᠤᠨᠢᠨ ᠤ ᠬᠤᠷᠭᠤᠤᠯ ᠢᠶᠠᠷ ᠰᠢᠷᠭᠡᠭᠴᠢᠯᠡᠭᠰᠡᠨ ᠪᠠᠭᠠᠰᠤ᠂ ᠪᠠᠰᠠ ᠬᠤᠭ ᠴᠤ ᠭᠡᠳᠡᠭ᠃ ᠭᠤᠤᠯᠳᠠᠭᠤ ᠬᠠᠪᠤᠷ ᠨᠠᠮᠤᠷ ᠤᠨ ᠳᠠᠭᠠᠨ ᠬᠤᠲᠠᠨ ᠤ ᠬᠤᠭ ᠪᠠᠨ ᠱᠦᠬᠦᠷᠳᠡᠨ ᠠᠪᠤᠭᠠᠳ ᠬᠠᠷᠤᠭᠤᠯ ᠢᠶᠠᠷ ᠭᠡᠶᠢᠰᠭᠡᠨ ᠲᠤᠮᠤᠷᠠᠴᠢᠯᠠᠵᠦ ᠠᠪᠤᠭᠠᠳ ᠤᠪᠤᠭᠠᠯᠠᠨ ᠡᠪᠦᠯ ᠤᠨ ᠲᠦᠯᠡᠰᠢᠨ ᠳᠡᠭᠡᠨ ᠪᠡᠯᠡᠳᠭᠡᠳᠡᠭ᠃ ᠲᠦᠯᠡᠰᠢ ᠬᠤᠪᠤᠷᠳᠠᠪᠠᠯ ᠡᠪᠦᠯ ᠤᠨ ᠴᠠᠭ ᠤᠨ ᠬᠦᠯᠳᠡᠭᠦᠦ ᠬᠤᠭ ᠢ ᠲᠦᠯᠡᠳᠡᠭ᠃    ᠬᠤᠭ᠄ ᠠᠷᠭᠠᠯ ᠬᠤᠷᠭᠤᠤᠯ ᠤᠨ ᠬᠡᠮᠭᠡᠳᠡᠭ ᠢ ᠬᠡᠯᠡᠳᠡᠭ᠃ ᠡᠬᠦᠨ ᠢ ᠲᠦᠯᠡᠰᠢᠨ ᠳᠤ ᠭᠡᠷᠡᠭᠯᠡᠳᠡᠭ ᠦᠭᠡᠢ ᠴᠤ ᠬᠠᠪᠤᠷ ᠳᠠᠭᠠᠨ ᠤᠪᠤᠭᠠᠯᠠᠨ ᠠᠪᠴᠤ ᠭᠠᠳᠠᠭᠤᠷ ᠨᠢ ᠨᠤᠭᠤᠭᠠᠨ ᠤ ᠪᠠᠭᠠᠰᠤ ᠪᠠᠷ ᠰᠢᠪᠠᠨ ᠲᠠᠯᠠᠩᠯᠠᠵᠦ ᠠᠪᠤᠨ᠂ ᠵᠤᠳ ᠲᠠᠢ ᠡᠪᠦᠯ ᠳᠡᠭᠡᠨ ᠦᠭᠡᠷ ᠤᠨ ᠭᠡᠪᠳᠡᠯᠭᠡ ᠪᠠᠨ ᠬᠠᠭᠤᠷᠠᠶᠢᠯᠠᠳᠠᠭ᠃ ᠱᠡᠭᠡᠮᠢ ᠪᠤᠯ ᠬᠤᠨᠢᠨ ᠤ ᠪᠠᠭᠠᠰᠤ ᠶᠤᠮ᠃ ᠵᠤᠨ ᠡᠬᠢᠨ ᠰᠠᠷ᠎ᠠ ᠶᠢᠨ ᠨᠤᠭᠤᠭᠠᠨ ᠲᠦᠷᠦᠬᠦᠨ ᠦᠶ᠎ᠡ ᠳᠤ ᠪᠤᠯᠤᠨ ᠨᠠᠮᠤᠷ ᠤᠨ ᠡᠪᠡᠰᠤ ᠬᠠᠯᠳᠠᠷᠳᠤᠬᠤ ᠦᠶ᠎ᠡ ᠳᠤ ᠬᠤᠨᠢᠨ ᠤ ᠪᠠᠭᠠᠰᠤ ᠬᠤᠷᠭᠤᠤᠯ ᠢᠶᠠᠷ ᠰᠢᠷᠭᠡᠭᠴᠢᠯᠡᠬᠦ ᠪᠢᠰᠢ᠂ ᠠᠷᠭᠠᠯ ᠰᠢᠭ᠋ ᠪᠤᠯᠳᠠᠭ ᠢ ᠨᠢ ᠱᠡᠭᠡᠮᠢ ᠭᠡᠳᠡᠭ᠃ ᠬᠤᠷᠳᠤᠨ ᠨᠤᠴᠤᠳᠠᠭ ᠰᠠᠶᠢᠨ ᠲᠦᠯᠡᠰᠢ ᠶᠤᠮ᠃    ᠬᠦᠷᠵᠡᠩ᠄ ᠡᠪᠦᠯ ᠤᠨ ᠴᠠᠭ ᠤᠨ ᠬᠤᠨᠢᠨ ᠤ ᠬᠤᠷᠭᠤᠤᠯ ᠤᠳ ᠬᠤᠨᠢᠨ ᠤ ᠬᠦᠯ ᠳᠤ ᠬᠢᠰᠬᠢᠯᠡᠭᠳᠡᠨ ᠡᠳᠦᠷ ᠤᠨ ᠤᠳᠠᠭᠠᠨ ᠳᠠᠭᠠᠨ ᠲᠠᠭᠰᠢᠷᠠᠵᠦ ᠵᠤᠵᠠᠭᠠᠷᠠᠭᠠᠳ ᠬᠦᠷᠵᠩ ᠪᠤᠯᠳᠠᠭ᠃ ᠡᠶᠢᠮᠤ ᠠᠴᠠ ᠬᠦᠷᠵᠡᠩ ᠭᠤᠤᠯᠳᠠᠭᠤ ᠡᠪᠦᠯᠵᠢᠶᠠᠨ ᠤ ᠨᠤᠳᠤᠭ ᠠᠴᠠ ᠭᠠᠷᠳᠠᠭ᠃ ᠵᠤᠨ ᠤ ᠭᠡᠳᠤ ᠤᠳᠠᠭᠠᠨ ᠤ ᠪᠤᠷᠤᠭᠠᠨ ᠢ ᠦᠩᠭᠡᠷᠡᠭᠡᠳ ᠬᠦᠷᠵᠡᠩ ᠴᠢᠩᠭᠠᠷᠠᠭᠰᠠᠨ ᠬᠤᠶᠢᠨ᠎ᠠ ᠨᠢ ᠬᠦᠷᠵᠡ ᠪᠠᠷ ᠬᠢᠰᠬᠢᠵᠦ ᠡᠷᠭᠢᠬᠦᠯᠦᠭᠡᠳ ᠬᠠᠳᠠᠭᠠᠭᠠᠳ ᠬᠤᠷᠢᠶᠡᠨ ᠲᠡᠯᠡᠩᠯᠬᠤ ᠳᠠᠭᠠᠨ ᠰᠠᠭᠤᠷᠢᠴᠢᠯᠡᠨ ᠵᠡᠷᠭᠡᠯᠡᠳᠡᠭ᠃ ᠬᠦᠷᠵᠡᠩ ᠪᠤᠯ ᠮᠠᠰᠢ ᠤᠳᠠᠭᠠᠨ ᠲᠠᠭᠠᠴᠢᠲᠠᠢ ᠨᠤᠴᠤᠳᠠᠭ ᠲᠦᠯᠡᠰᠢ᠃ ᠬᠦᠮᠦᠰ ︿ᠮᠤᠩᠭᠤᠯ ᠨᠡᠬᠦᠷᠡᠰᠤ﹀ ᠴᠤ ᠭᠡᠳᠡᠭ᠃ ᠬᠦᠷᠵᠡᠩ ᠪᠤᠯ ᠬᠦᠭᠡᠷᠭᠡ ᠶᠡᠬᠡᠲᠡᠢ ᠤᠴᠢᠷ ᠶᠡᠬᠡᠩᠬᠢ ᠳᠡᠭᠡᠨ ᠡᠪᠦᠯ ᠤᠨ ᠭᠤᠤᠯ ᠳᠤ ᠶᠢᠰᠤ ᠡᠬᠢᠯᠡᠬᠦ ᠪᠠᠷ ᠡᠬᠢᠯᠡᠨ ᠲᠦᠯᠡᠵᠦ ᠬᠠᠪᠤᠷᠰᠢᠵᠦ ᠢᠷᠡᠬᠦ ᠪᠠᠷ ᠨᠢ ᠲᠦᠯᠡᠬᠦ ᠪᠠᠨ ᠵᠤᠭᠰᠤᠨ᠎ᠠ᠃ ᠦᠭᠡᠢ ᠪᠤᠯ ᠶᠠᠮ᠎ᠠ ᠬᠦᠳᠡᠯᠦᠨ᠎ᠠ ᠭᠡᠳᠡᠭ᠃ ᠬᠦᠷᠵᠡᠩ ᠤᠨ ᠴᠠᠭᠠᠨ ᠦᠨᠡᠰᠤ ᠶᠢ ᠬᠠᠮᠠᠷ ᠲᠠᠮᠠᠬᠢ ᠨᠠᠶᠢᠷᠠᠬᠤ ᠳᠤ ᠭᠡᠷᠡᠭᠯᠡᠳᠡᠭ᠃
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠮᠣᠩᠭᠤᠯ ᠰᠦᠯᠵᠢᠶ᠎ᠡ