ᠪᠥᠭᠡᠷ᠎ᠡ ᠪᠣᠯ ᠬᠥᠮᠥᠨ ᠤ ᠪᠡᠶ᠎ᠡ ᠶᠢᠨ ᠴᠢᠬᠤᠯᠠ ᠰᠣᠯᠢᠯᠴᠠᠭᠠᠨ ᠤ ᠡᠷᠬᠡᠲᠡᠨ ᠮᠥᠨ᠂ ᠤᠳᠠᠭᠠᠨ ᠴᠢᠨᠠᠷᠲᠠᠢ ᠪᠥᠭᠡᠷ᠎ᠡ ᠶᠢᠨ ᠡᠪᠡᠳᠴᠢᠨ ᠪᠣᠯ ᠡᠯ᠎ᠡ | ᠵᠦᠢᠯ ᠤᠨ ᠰᠢᠯᠲᠠᠭᠠᠨ ᠠᠴᠠ ᠪᠣᠯᠵᠤ ᠪᠥᠭᠡᠷ᠎ᠡ ᠶᠢᠨ ᠪᠦᠲᠦᠴᠡ ᠪᠤᠶᠤ ᠠᠵᠢᠯᠯᠠᠭ᠎ᠠ ᠬᠡᠪ ᠤᠨ ᠪᠤᠰᠤ ᠪᠠᠷ 3 ᠰᠠᠷ᠎ᠠ ᠠᠴᠠ ᠬᠡᠲᠦᠷᠡᠭᠰᠡᠨ ᠪᠥᠭᠡᠷ᠎ᠡ ᠶᠢᠨ | ᠡᠪᠡᠳᠴᠢᠨ ᠢ ᠵᠢᠭᠠᠵᠤ ᠪᠠᠶᠢᠨ᠎ᠠ᠃ ᠦᠷᠭᠦᠯᠵᠢ ᠲᠣᠬᠢᠶᠠᠯᠳᠤᠳᠠᠭ ᠡᠪᠡᠳᠴᠢᠨ ᠳᠤ ᠤᠳᠠᠭᠠᠨ ᠴᠢᠨᠠᠷᠲᠠᠢ ᠪᠥᠭᠡᠷᠡᠨ ᠤ ᠵᠢᠵᠢᠭ ᠪᠥᠭᠡᠮ ᠤᠨ ᠪᠥᠭᠡᠷᠡᠨ | ᠦᠷᠪᠢᠰᠦᠯ᠂ ᠪᠥᠭᠡᠷᠡᠨ ᠡᠪᠡᠳᠴᠢᠨ ᠤ ᠶᠡᠷᠦᠩᠬᠡᠶᠢᠯᠡᠭᠰᠡᠨ ᠭᠡᠮ᠂ ᠰᠢᠬᠢᠷ ᠰᠢᠵᠢᠩ ᠡᠪᠡᠳᠴᠢᠨ ᠤ ᠴᠢᠨᠠᠷᠲᠠᠢ ᠪᠥᠭᠡᠷᠡᠨ ᠡᠪᠡᠳᠴᠢᠨ ᠵᠡᠷᠭᠡ ᠪᠠᠭᠲᠠᠨ᠎ᠠ᠃ | ᠤᠳᠠᠭᠠᠨ ᠴᠢᠨᠠᠷᠲᠠᠢ ᠪᠥᠭᠡᠷᠡᠨ ᠡᠪᠡᠳᠴᠢᠨ ᠠᠭᠠᠵᠢᠮ ᠢᠶᠠᠷ ᠬᠥᠭᠵᠢᠵᠦ᠂ ᠤᠳᠠᠭᠠᠨ ᠴᠢᠨᠠᠷᠲᠠᠢ ᠪᠥᠭᠡᠷᠡᠨ ᠤ ᠠᠵᠢᠯᠯᠠᠭ᠎ᠠ ᠪᠦᠷᠢᠨ ᠪᠤᠰᠤ᠂ ᠴᠢᠨᠠᠭᠰᠢᠯᠠᠪᠠᠯ | ᠪᠥᠭᠡᠷ᠎ᠡ ᠶᠢᠨ ᠳᠣᠷᠦ᠋ᠢᠲᠠᠯ ᠳᠤ ᠣᠷᠣᠨ᠎ᠠ᠃ ᠡᠪᠡᠳᠴᠢᠨ ᠤ ᠶᠠᠪᠤᠴᠠ ᠨᠢ ᠤᠷᠲᠤ᠂ ᠳᠠᠪᠬᠤᠴᠠᠭᠰᠠᠨ ᠡᠪᠡᠳᠴᠢᠨ ᠨᠢ ᠠᠷᠪᠢᠨ᠂ ᠡᠷᠡᠭᠦᠯ ᠮᠡᠨᠳᠦ ᠳᠤ | ᠬᠦᠨᠳᠦ ᠨᠣᠴᠢᠲᠠᠢ ᠬᠤᠣᠷ ᠬᠥᠨᠥᠭᠡᠯ ᠤᠴᠠᠷᠠᠭᠤᠯᠳᠠᠭ᠃ ᠢᠳᠡᠭᠡᠨ ᠤᠮᠳᠠᠭᠠᠨ ᠲᠣᠬᠢᠷᠠᠮᠵᠢ ᠦᠭᠡᠢ ᠨᠢ ᠪᠠᠰᠠ ᠤᠳᠠᠭᠠᠨ ᠴᠢᠨᠠᠷᠲᠠᠢ ᠪᠥᠭᠡᠷᠡᠨ | ᠡᠪᠡᠳᠴᠢᠨ ᠢ ᠡᠭᠦᠰᠬᠡᠨ᠎ᠡ᠃ ᠡᠳᠡᠭᠡᠷ ᠢᠳᠡᠭᠡᠨ ᠤᠮᠳᠠᠭᠠᠨ ᠤ ᠵᠢᠯᠣᠭᠤᠳᠤᠮᠵᠢ ᠶᠢ ᠡᠵᠡᠮᠰᠢᠬᠦ ᠨᠢ ᠪᠥᠭᠡᠷᠡᠨ ᠡᠪᠡᠳᠴᠢᠨ ᠤ ᠬᠥᠭᠵᠢᠯᠲᠡ ᠶᠢ | ᠤᠳᠠᠭᠠᠰᠢᠷᠠᠭᠤᠯᠬᠤ ᠳᠤ ᠲᠤᠰᠠᠲᠠᠢ᠄ | ᠨᠢᠭᠡ᠂ ᠳᠠᠪᠤᠰᠤ ᠶᠡᠬᠡᠲᠡᠢ ᠢᠳᠡᠭᠡᠨ ᠠᠴᠠ ᠲᠠᠲᠠᠭᠠᠯᠵᠠᠬᠤ ᠬᠡᠷᠡᠭᠲᠡᠢ | ᠤᠳᠠᠭᠠᠨ ᠴᠢᠨᠠᠷᠲᠠᠢ ᠪᠥᠭᠡᠷᠡᠨ ᠡᠪᠡᠳᠴᠢᠨ ᠲᠠᠢ ᠡᠪᠡᠳᠴᠢᠲᠡᠨ ᠳᠤ ᠦᠷᠭᠦᠯᠵᠢ ᠴᠢᠰᠤᠨ ᠳᠠᠷᠤᠯᠲᠠ ᠥᠨᠳᠥᠷ ᠪᠠ ᠤᠰᠤᠨ ᠬᠠᠪᠤᠩ ᠳᠠᠪᠬᠤᠴᠠᠳᠠᠭ᠂ | ᠳᠠᠪᠤᠰᠤᠨ ᠤ ᠬᠡᠮᠵᠢᠶ᠎ᠡ ᠶᠢ ᠬᠢᠵᠠᠭᠠᠷᠯᠠᠬᠤ ᠨᠢ ᠴᠢᠰᠤᠨ ᠳᠠᠷᠤᠯᠲᠠ ᠶᠢᠨ ᠪᠠᠷᠢᠮᠵᠢᠶ᠎ᠠ ᠳᠤ ᠬᠦᠷᠬᠦ ᠶᠢ ᠪᠠᠲᠤᠯᠠᠵᠤ᠂ ᠤᠰᠤᠨ ᠬᠠᠪᠤᠩ ᠢ ᠬᠥᠩᠭᠡᠷᠡᠭᠦᠯᠬᠦ ᠳᠤ | ᠲᠤᠰᠠᠲᠠᠢ᠃ ᠤᠳᠠᠭᠠᠨ ᠴᠢᠨᠠᠷᠲᠠᠢ ᠪᠥᠭᠡᠷᠡᠨ ᠡᠪᠡᠳᠴᠢᠨ ᠲᠠᠢ ᠡᠪᠡᠳᠴᠢᠲᠡᠨ ᠤ ᠡᠳᠦᠷ ᠪᠦᠷᠢ ᠶᠢᠨ ᠳᠠᠪᠤᠰᠤᠨ ᠤ ᠬᠡᠮᠵᠢᠶ᠎ᠡ ᠶᠢ 5g ᠠᠴᠠ ᠪᠠᠭ᠎ᠠ | ᠪᠠᠶᠢᠯᠭᠠᠵᠤ᠂ ᠤᠰᠤᠨ ᠬᠠᠪᠤᠩ ᠳᠠᠪᠬᠤᠴᠠᠭᠰᠠᠨ ᠡᠪᠡᠳᠴᠢᠲᠡᠨ ᠳᠤ ᠡᠳᠦᠷ ᠪᠦᠷᠢ 3g ᠠᠴᠠ ᠪᠠᠭ᠎ᠠ ᠪᠠᠶᠢᠯᠭᠠᠬᠤ ᠶᠢ ᠪᠠᠲᠤᠯᠠᠪᠠᠯ ᠵᠣᠬᠢᠨ᠎ᠠ᠃ | ᠳᠠᠪᠤᠰᠤᠨ ᠤ ᠠᠭᠤᠯᠤᠭᠳᠠᠴᠠ ᠪᠠᠷ ᠥᠨᠳᠥᠷ ᠨᠠᠷᠢᠯᠢᠭ ᠪᠣᠯᠪᠠᠰᠤᠷᠠᠭᠤᠯᠤᠭᠰᠠᠨ ᠢᠳᠡᠭᠡᠨ᠂ ᠵᠢᠱᠢᠶᠡᠯᠡᠪᠡᠯ ᠤᠲᠤᠮᠠᠯ ᠮᠢᠬ᠎ᠠ᠂ ᠰᠢᠷᠠᠭᠰᠠᠨ ᠢᠳᠡᠭᠡᠨ᠂ | ᠳᠠᠪᠤᠰᠤᠯᠠᠭᠰᠠᠨ ᠢᠳᠡᠭᠡᠨ ᠵᠡᠷᠭᠡ ᠶᠢ ᠢᠳᠡᠬᠦ ᠦᠭᠡᠢ ᠪᠠᠶᠢᠬᠤ ᠶᠢ ᠠᠩᠬᠠᠷᠪᠠᠯ ᠵᠣᠬᠢᠨ᠎ᠠ᠃ ᠡᠭᠦᠨ ᠤ ᠬᠠᠮᠲᠤ ᠵᠢᠶᠠᠩᠶ᠋ᠢᠦ᠂ ᠠᠮᠲᠠ ᠶᠢᠨ ᠣᠭᠢ ᠵᠡᠷᠭᠡ ᠡᠯ᠎ᠡ | ᠵᠦᠢᠯ ᠤᠨ ᠠᠮᠲᠠ ᠣᠷᠣᠭᠤᠯᠬᠤ ᠡᠳ᠋ ᠤᠨ ᠳᠣᠲᠣᠷᠠᠬᠢ ᠳᠠᠪᠤᠰᠤᠨ ᠤ ᠠᠭᠤᠯᠤᠭᠳᠠᠴᠠ ᠨᠢ ᠥᠨᠳᠥᠷ ᠪᠠᠶᠢᠳᠠᠭ ᠪᠣᠯᠬᠤᠷ ᠼᠤᠤ᠂ ᠬᠤᠸᠠᠵᠤᠤ᠂ ᠯᠠᠵᠤᠤ | ᠵᠡᠷᠭᠡ ᠪᠠᠷ ᠠᠮᠲᠠ ᠣᠷᠣᠭᠤᠯᠵᠤ ᠪᠣᠯᠣᠨ᠎ᠠ᠃ | ᠬᠤᠶᠠᠷ᠂ ᠥᠭᠡᠬᠦ ᠶᠡᠬᠡᠲᠡᠢ ᠢᠳᠡᠭᠡᠨ ᠠᠴᠠ ᠵᠠᠶᠢᠯᠠᠰᠬᠢᠬᠦ ᠬᠡᠷᠡᠭᠲᠡᠢ | ᠤᠳᠠᠭᠠᠨ ᠴᠢᠨᠠᠷᠲᠠᠢ ᠪᠥᠭᠡᠷᠡᠨ ᠡᠪᠡᠳᠴᠢᠨ ᠲᠠᠢ ᠡᠪᠡᠳᠴᠢᠲᠡᠨ ᠤ ᠣᠯᠠᠩᠬᠢ ᠨᠢ ᠥᠭᠡᠬᠦᠯᠢᠭ ᠪᠣᠳᠠᠰ ᠤᠨ ᠰᠣᠯᠢᠯᠴᠠᠭ᠎ᠠ ᠰᠠᠮᠠᠭᠤᠷᠠᠵᠤ᠂ ᠠᠮᠠᠷᠬᠠᠨ | ᠴᠢᠰᠤᠨ ᠤ ᠥᠭᠡᠬᠦ ᠥᠨᠳᠥᠷᠵᠢᠭᠰᠡᠨ ᠭᠡᠮ ᠡᠭᠦᠰᠦᠨ᠎ᠡ᠂ ᠲᠣᠰᠣᠨ ᠳᠤ ᠪᠤᠴᠠᠯᠭᠠᠭᠰᠠᠨ ᠢᠳᠡᠭᠡᠨ᠂ ᠲᠠᠷᠭᠤᠨ ᠮᠢᠬ᠎ᠠ᠂ ᠠᠮᠢᠲᠠᠨ ᠤ ᠳᠣᠲᠣᠷ ᠴᠤᠯᠤ ᠵᠡᠷᠭᠡ | ᠥᠭᠡᠬᠦ ᠶᠡᠬᠡᠲᠡᠢ ᠢᠳᠡᠭᠡᠨ ᠢ ᠢᠳᠡᠬᠦ ᠠᠴᠠ ᠵᠠᠶᠢᠯᠠᠰᠬᠢᠬᠦ ᠬᠡᠷᠡᠭᠲᠡᠢ᠃ ᠡᠭᠦᠨ ᠤ ᠬᠠᠮᠲᠤ ᠢᠳᠡᠭᠡᠨ ᠤ ᠲᠣᠰᠣᠨ ᠤ ᠬᠡᠮᠵᠢᠶ᠎ᠡ ᠶᠢ ᠬᠢᠵᠠᠭᠠᠷᠯᠠᠵᠤ᠂ ᠵᠢᠩᠨᠡᠬᠦ᠂ | ᠴᠢᠨᠠᠬᠤ ᠮᠡᠲᠦ ᠶᠢᠨ ᠡᠷᠡᠭᠦᠯ ᠬᠤᠭᠤᠯᠠ ᠬᠢᠬᠦ ᠠᠷᠭ᠎ᠠ ᠶᠢ ᠰᠣᠩᠭᠤᠪᠠᠯ ᠵᠣᠬᠢᠨ᠎ᠠ᠃ | ᠭᠤᠷᠪᠠ᠂ ᠤᠭᠤᠷᠠᠭ ᠰᠢᠩᠭᠡᠬᠡᠨ ᠠᠪᠬᠤ ᠶᠢ ᠠᠩᠬᠠᠷᠬᠤ ᠬᠡᠷᠡᠭᠲᠡᠢ | ᠤᠭᠤᠷᠠᠭ ᠪᠣᠯ ᠬᠥᠮᠥᠨ ᠤ ᠪᠡᠶ᠎ᠡ ᠶᠢᠨ ᠠᠮᠢ ᠨᠠᠰᠤᠨ ᠤ ᠠᠵᠢᠯᠯᠠᠭ᠎ᠠ ᠶᠢ ᠪᠠᠲᠤᠯᠠᠬᠤ ᠴᠢᠬᠤᠯᠠ ᠪᠣᠳᠠᠰ ᠮᠥᠨ᠂ ᠭᠡᠪᠡᠴᠦ ᠤᠭᠤᠷᠠᠭ ᠬᠡᠲᠦᠷᠬᠡᠢ | ᠠᠷᠪᠢᠨ ᠰᠢᠩᠭᠡᠭᠡᠪᠡᠯ ᠤᠳᠠᠭᠠᠨ ᠴᠢᠨᠠᠷᠲᠠᠢ ᠪᠥᠭᠡᠷᠡᠨ ᠡᠪᠡᠳᠴᠢᠨ ᠲᠠᠢ ᠡᠪᠡᠳᠴᠢᠲᠡᠨ ᠤ ᠪᠥᠭᠡᠷᠡᠨ ᠤ ᠳᠠᠷᠤᠭᠠᠰᠤ ᠶᠢ ᠬᠦᠨᠳᠦᠷᠡᠭᠦᠯᠵᠦ᠂ ᠡᠪᠡᠳᠴᠢᠨ ᠤ | ᠬᠥᠭᠵᠢᠯᠲᠡ ᠶᠢ ᠲᠦᠷᠭᠡᠳᠬᠡᠨ᠎ᠡ᠃ ᠡᠶᠢᠮᠦ ᠠᠴᠠ ᠤᠳᠠᠭᠠᠨ ᠴᠢᠨᠠᠷᠲᠠᠢ ᠪᠥᠭᠡᠷᠡᠨ ᠡᠪᠡᠳᠴᠢᠨ ᠤ ᠰᠡᠭᠦᠯᠴᠢ ᠶᠢᠨ ᠬᠤᠭᠤᠴᠠᠭ᠎ᠠ᠂ ᠡᠰᠡᠬᠦᠯ᠎ᠡ ᠰᠢᠭᠡᠰᠦᠨ ᠤ | ᠤᠭᠤᠷᠠᠭ ᠤᠨ ᠬᠡᠮᠵᠢᠶ᠎ᠡ ᠶᠡᠭᠡ ᠪᠥᠭᠡᠷᠡᠨ ᠡᠪᠡᠳᠴᠢᠲᠡᠨ ᠤᠭᠤᠷᠠᠭ ᠪᠠᠭ᠎ᠠ ᠢᠳᠡᠭᠡᠨ ᠤᠮᠳᠠᠭᠠᠨ ᠢ ᠰᠣᠩᠭᠤᠬᠤ ᠪᠠᠨ ᠠᠩᠬᠠᠷᠴᠤ᠂ ᠠᠮᠢᠲᠠᠨ ᠤ ᠴᠢᠨᠠᠷᠲᠠᠢ | ᠤᠭᠤᠷᠠᠭ ᠪᠣᠯᠣᠨ ᠰᠢᠷ᠎ᠠ ᠪᠤᠷᠴᠠᠭ᠂ ᠪᠤᠷᠴᠠᠭ ᠤᠨ ᠪᠦᠲᠦᠭᠡᠭᠳᠡᠬᠦᠨ ᠢᠶᠠᠷ ᠭᠤᠣᠯ ᠪᠣᠯᠭᠠᠨ᠎ᠠ᠃ ᠡᠭᠦᠨ ᠳᠤ ᠠᠮᠢᠲᠠᠨ ᠤ ᠴᠢᠨᠠᠷᠲᠠᠢ ᠤᠭᠤᠷᠠᠭ ᠲᠤ | ᠵᠢᠭᠠᠰᠤᠨ ᠮᠢᠬ᠎ᠠ᠂ ᠭᠠᠭ᠋ᠠᠢ ᠶᠢᠨ ᠮᠢᠬ᠎ᠠ᠂ ᠦᠬᠡᠷ ᠤᠨ ᠮᠢᠬ᠎ᠠ᠂ ᠬᠤᠨᠢᠨ ᠮᠢᠬ᠎ᠠ ᠮᠡᠲᠦ ᠶᠢᠨ ᠴᠠᠭᠠᠨ ᠮᠢᠬᠠᠨ ᠤ ᠵᠦᠢᠯ ᠢ ᠠᠯᠢ ᠴᠢᠳᠠᠬᠤ ᠪᠠᠷ ᠪᠠᠭ᠎ᠠ | ᠢᠳᠡᠪᠡᠯ ᠵᠣᠬᠢᠨ᠎ᠠ᠃ ᠡᠳᠦᠷ ᠪᠦᠷᠢ 1 ᠠᠴᠠ ᠢᠯᠡᠭᠦᠦ ᠲᠠᠬᠢᠶᠠᠨ ᠥᠨᠳᠡᠭᠡ ᠢᠳᠡᠬᠦ ᠦᠭᠡᠢ ᠪᠠᠶᠢᠵᠤ᠂ ᠰᠦᠨ ᠤ ᠲᠥᠷᠥᠯ ᠢ 300ml ᠠᠴᠠ | ᠬᠡᠲᠦᠷᠡᠭᠦᠯᠵᠦ ᠪᠤᠯᠬᠤ ᠦᠭᠡᠢ᠃ | ᠳᠥᠷᠪᠡ᠂ ᠢᠳᠡᠰᠢᠨ ᠨᠣᠭᠤᠭ᠎ᠠ ᠵᠢᠮᠢᠰ ᠢ ᠲᠣᠬᠢᠷᠠᠮᠵᠢᠲᠠᠢ ᠢᠳᠡᠬᠦ ᠬᠡᠷᠡᠭᠲᠡᠢ | ᠢᠳᠡᠰᠢᠨ ᠨᠣᠭᠤᠭ᠎ᠠ ᠪᠠ ᠵᠢᠮᠢᠰ ᠲᠤ ᠸᠢᠲ᠋ᠠᠮᠢᠨ᠂ ᠡᠷᠦᠳᠡᠰᠦ ᠪᠣᠳᠠᠰ ᠪᠠ ᠢᠳᠡᠭᠡᠨ ᠤ ᠰᠢᠷᠬᠡᠭᠯᠢᠭ ᠵᠡᠷᠭᠡ ᠡᠯᠪᠡᠭ ᠠᠭᠤᠯᠤᠭᠳᠠᠵᠤ᠂ ᠤᠳᠠᠭᠠᠨ | ᠴᠢᠨᠠᠷᠲᠠᠢ ᠪᠥᠭᠡᠷᠡᠨ ᠡᠪᠡᠳᠴᠢᠨ ᠳᠤ ᠨᠡᠷᠪᠡᠭᠳᠡᠭᠰᠡᠳ ᠲᠤ ᠲᠦᠢᠯ ᠤᠨ ᠴᠢᠬᠤᠯᠠ ᠪᠠᠶᠢᠳᠠᠭ᠃ ᠭᠡᠪᠡᠴᠦ ᠢᠳᠡᠰᠢᠨ ᠨᠣᠭᠤᠭ᠎ᠠ ᠪᠣᠯᠣᠨ ᠵᠢᠮᠢᠰ ᠤᠨ | ᠳᠣᠲᠣᠷᠠᠬᠢ ᠤᠰᠤ ᠪᠣᠯᠣᠨ ᠺᠠᠯᠢ ᠶᠢᠨ ᠠᠭᠤᠯᠤᠭᠳᠠᠴᠠ ᠨᠢ ᠨᠡᠯᠢᠶᠡᠳ ᠥᠨᠳᠥᠷ᠂ ᠪᠥᠭᠡᠷᠡᠨ ᠡᠪᠡᠳᠴᠢᠨ ᠲᠠᠢ ᠡᠪᠡᠳᠴᠢᠲᠡᠨ ᠤᠰᠤᠨ ᠬᠠᠪᠤᠩ ᠪᠣᠯᠣᠨ | ᠴᠢᠰᠤᠨ ᠤ ᠺᠠᠯᠢᠲᠤ ᠥᠨᠳᠥᠷ ᠭᠡᠮ ᠡᠭᠦᠰᠬᠦ ᠦᠶ᠎ᠡ ᠳᠤ ᠰᠢᠩᠭᠡᠬᠡᠨ ᠠᠪᠬᠤ ᠬᠡᠮᠵᠢᠶ᠎ᠡ ᠪᠠᠨ ᠬᠢᠴᠢᠶᠡᠵᠦ ᠬᠢᠵᠠᠭᠠᠷᠯᠠᠬᠤ ᠬᠡᠷᠡᠭᠲᠡᠢ᠃ | ᠲᠠᠪᠤ᠂ ᠺᠠᠯᠢ ᠶᠢᠨ ᠣᠷᠣᠭᠤᠯᠤᠯᠲᠠ ᠶᠢ ᠬᠢᠵᠠᠭᠠᠷᠯᠠᠬᠤ | ᠪᠥᠭᠡᠷᠡᠨ ᠤ ᠠᠵᠢᠯᠯᠠᠭ᠎ᠠ ᠳᠣᠷᠦ᠋ᠢᠲᠠᠭᠰᠠᠨ ᠠᠴᠠ ᠺᠠᠯᠢ ᠶᠢᠨ ᠢᠯᠭᠠᠷᠠᠯᠲᠠ ᠪᠠᠭᠠᠰᠴᠤ᠂ ᠤᠳᠠᠭᠠᠨ ᠴᠢᠨᠠᠷᠲᠠᠢ ᠪᠥᠭᠡᠷᠡᠨ ᠡᠪᠡᠳᠴᠢᠨ ᠲᠠᠢ | ᠡᠪᠡᠳᠴᠢᠲᠡᠨ ᠳᠤ ᠴᠢᠰᠤᠨ ᠤ ᠺᠠᠯᠢᠲᠤ ᠥᠨᠳᠥᠷ ᠭᠡᠮ ᠠᠮᠠᠷᠬᠠᠨ ᠡᠭᠦᠰᠦᠨ᠎ᠡ᠃ ᠥᠨᠳᠥᠷ ᠺᠠᠯᠢᠲᠤ ᠢᠳᠡᠭᠡᠨ ᠳᠤ ᠪᠠᠨᠠᠨᠠ᠂ ᠵᠦᠷᠵᠢ ᠵᠡᠷᠭᠡ ᠵᠢᠮᠢᠰ᠂ ᠭᠦᠨ | ᠥᠩᠭᠡ ᠲᠠᠢ ᠨᠣᠭᠤᠭᠠᠨ ᠨᠠᠪᠴᠢᠲᠤ ᠨᠣᠭᠤᠭ᠎ᠠ᠂ ᠮᠥᠭᠦ ᠪᠠ ᠨᠠᠳ᠋ᠷᠢ ᠪᠠᠭ᠎ᠠ ᠳᠠᠪᠤᠰᠤ ᠵᠡᠷᠭᠡ ᠪᠠᠭᠲᠠᠨ᠎ᠠ᠂ ᠪᠥᠭᠡᠷᠡᠨ ᠡᠪᠡᠳᠴᠢᠲᠡᠨ ᠢᠳᠡᠭᠡᠨ ᠤᠮᠳᠠᠭᠠᠨ ᠤ | ᠳᠤᠮᠳᠠ ᠡᠳᠡᠭᠡᠷ ᠢᠳᠡᠭᠡᠨ ᠢ ᠵᠣᠬᠢᠬᠤ ᠬᠡᠮᠵᠢᠶ᠎ᠡ ᠪᠠᠷ ᠪᠠᠭᠠᠰᠬᠠᠪᠠᠯ ᠵᠣᠬᠢᠨ᠎ᠠ᠃ ᠢᠳᠡᠰᠢᠨ ᠨᠣᠭᠤᠭ᠎ᠠ ᠶᠢ ᠤᠰᠤ ᠪᠠᠷ ᠪᠤᠴᠠᠯᠭᠠᠵᠤ ᠱᠥᠯᠥ ᠶᠢ ᠨᠢ | ᠬᠠᠶᠠᠭᠰᠠᠨ ᠤ ᠳᠠᠷᠠᠭ᠎ᠠ ᠢᠳᠡᠬᠦ ᠶᠢ ᠰᠠᠨᠠᠭᠤᠯᠵᠤ ᠪᠠᠶᠢᠨ᠎ᠠ᠃ | ᠵᠢᠷᠭᠤᠭ᠎ᠠ᠂ ᠹᠣᠰᠹᠣᠷ ᠤᠨ ᠬᠡᠮᠵᠢᠶ᠎ᠡ ᠶᠢ ᠬᠢᠵᠠᠭᠠᠷᠯᠠᠬᠤ | ᠰᠡᠭᠦᠯᠴᠢ ᠶᠢᠨ ᠬᠤᠭᠤᠴᠠᠭᠠᠨ ᠤ ᠤᠳᠠᠭᠠᠨ ᠴᠢᠨᠠᠷᠲᠠᠢ ᠪᠥᠭᠡᠷᠡᠨ ᠡᠪᠡᠳᠴᠢᠨ ᠲᠠᠢ ᠡᠪᠡᠳᠴᠢᠲᠡᠨ ᠳᠤ ᠦᠷᠭᠦᠯᠵᠢ ᠴᠢᠰᠤᠨ ᠤ ᠹᠣᠰᠹᠣᠷ ᠥᠨᠳᠥᠷᠵᠢᠬᠦ | ᠭᠡᠮ ᠳᠠᠪᠬᠤᠴᠠᠬᠤ ᠪᠠᠶᠢᠳᠠᠯ ᠢᠯᠡᠷᠡᠳᠡᠭ᠃ ᠴᠢᠰᠤᠨ ᠤ ᠹᠣᠰᠹᠣᠷ ᠥᠨᠳᠥᠷᠵᠢᠬᠦ ᠭᠡᠮ ᠨᠢ ᠠᠷᠤᠭ ᠶᠠᠰᠤᠨ ᠤ ᠡᠷᠡᠭᠦᠯ ᠴᠢᠭᠢᠷᠠᠭ ᠢ ᠨᠥᠯᠥᠭᠡᠯᠡᠬᠦ ᠪᠠᠷ ᠪᠠᠷᠠᠬᠤ | ᠦᠭᠡᠢ᠂ ᠪᠠᠰᠠ ᠪᠥᠭᠡᠷᠡᠨ ᠤ ᠭᠡᠮᠲᠦᠯ ᠢ ᠬᠦᠨᠳᠦᠷᠡᠭᠦᠯᠵᠦ ᠮᠡᠳᠡᠨ᠎ᠡ᠃ ᠴᠢᠰᠤᠨ ᠤ ᠹᠣᠰᠹᠣᠷ ᠥᠨᠳᠥᠷᠵᠢᠬᠦ ᠭᠡᠮ ᠢ ᠵᠠᠰᠠᠬᠤ ᠴᠢᠬᠤᠯᠠ ᠠᠷᠭ᠎ᠠ ᠪᠣᠯ ᠹᠣᠰᠹᠣᠷ | ᠥᠨᠳᠥᠷᠵᠢᠬᠦ ᠢᠳᠡᠭᠡᠨ ᠢ ᠰᠢᠩᠭᠡᠬᠡᠨ ᠠᠪᠬᠤ ᠶᠢ ᠬᠢᠵᠠᠭᠠᠷᠯᠠᠬᠤ ᠶᠠᠪᠤᠳᠠᠯ ᠪᠣᠯᠣᠨ᠎ᠠ᠃ ᠵᠢᠱᠢᠶᠡᠯᠡᠪᠡᠯ ᠡᠯᠢᠭᠡ᠂ ᠬᠠᠲᠠᠭᠤ ᠵᠢᠮᠢᠰ ᠤᠨ ᠪᠦᠳᠦᠭᠦᠯᠢᠭ ᠠᠮᠤ᠂ | ᠮᠠᠭᠠᠵᠢ ᠶᠢᠨ ᠵᠢᠶᠠᠩ᠂ ᠬᠠᠶᠢᠳᠠᠢ ᠨᠣᠭᠤᠭ᠎ᠠ ᠪᠠ ᠤᠯᠠᠭᠠᠨ ᠨᠣᠭᠤᠭ᠎ᠠ ᠵᠡᠷᠭᠡ᠃ ᠡᠭᠦᠨ ᠤ ᠬᠠᠮᠲᠤ ᠪᠠᠰᠠ ᠹᠣᠰᠹᠣᠷ ᠠᠭᠤᠯᠤᠭᠰᠠᠨ ᠨᠡᠮᠡᠯᠲᠡ ᠡᠳ᠋ ᠪᠠ | ᠠᠮᠲᠠ ᠣᠷᠣᠭᠤᠯᠬᠤ ᠡᠳ᠋ ᠢ ᠬᠡᠲᠦᠷᠬᠡᠢ ᠠᠷᠪᠢᠨ ᠰᠢᠩᠭᠡᠭᠡᠬᠦ ᠠᠴᠠ ᠵᠠᠶᠢᠯᠠᠰᠬᠢᠬᠦ ᠬᠡᠷᠡᠭᠲᠡᠢ᠃ ᠢᠳᠡᠭᠡᠨ ᠤᠮᠳᠠᠭᠠᠨ ᠢ ᠵᠣᠬᠢᠰᠲᠠᠢ ᠲᠣᠬᠢᠷᠠᠭᠤᠯᠬᠤ᠂ ᠢᠳᠡᠬᠦ | ᠬᠡᠮᠵᠢᠶ᠎ᠡ ᠶᠢ ᠬᠢᠵᠠᠭᠠᠷᠯᠠᠬᠤ ᠵᠢᠴᠢ ᠡᠮᠴᠢ ᠶᠢᠨ ᠰᠠᠨᠠᠭᠤᠯᠭ᠎ᠠ ᠶᠢ ᠵᠢᠷᠤᠮᠯᠠᠬᠤ ᠪᠠᠷ ᠳᠠᠮᠵᠢᠨ᠂ ᠤᠳᠠᠭᠠᠨ ᠴᠢᠨᠠᠷᠲᠠᠢ ᠪᠥᠭᠡᠷᠡᠨ ᠡᠪᠡᠳᠴᠢᠨ ᠲᠠᠢ ᠡᠪᠡᠳᠴᠢᠲᠡᠨ | ᠡᠪᠡᠳᠴᠢᠨ ᠤ ᠪᠠᠶᠢᠳᠠᠯ ᠢᠶᠠᠨ ᠪᠦᠲᠦᠮᠵᠢᠲᠡᠶ ᠬᠢᠵᠠᠭᠠᠷᠯᠠᠵᠤ᠂ ᠪᠥᠭᠡᠷᠡᠨ ᠤ ᠳᠠᠷᠤᠭᠠᠰᠤ ᠶᠢ ᠬᠥᠩᠭᠡᠷᠡᠭᠦᠯᠵᠦ᠂ ᠠᠮᠢᠳᠤᠷᠠᠯ ᠤᠨ ᠴᠢᠨᠠᠷ ᠴᠢᠨᠰᠠᠭ᠎ᠠ ᠶᠢ | ᠰᠠᠶᠢᠵᠢᠷᠠᠭᠤᠯᠵᠤ ᠪᠣᠯᠣᠨ᠎ᠠ᠃ | |