ᠪᠠᠶᠠᠨᠨᠠᠭᠤᠷ ᠲᠤ ᠬᠤᠪᠤᠷ ᠰᠢᠪᠠᠭᠤ ᠢᠯᠡᠷᠡᠪᠡ
ᠨᠡᠶᠢᠲᠡᠯᠡᠭᠰᠡᠨ ᠴᠠᠭ᠄
2024/4/10
    ᠣᠶᠢᠷ᠎ᠠ ᠳᠤ᠂ ᠪᠠᠶᠠᠨᠨᠠᠭᠤᠷ ᠬᠤᠲᠠ ᠶᠢᠨ  ᠳ᠋ᠧᠩᠺᠸᠣ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠴᠠᠭᠳᠠᠭ᠎ᠠ ᠨᠠᠷ ︽ᠺᠦᠨᠯᠦ᠋ᠨ 2024︾ ᠨᠡᠭᠦᠳᠡᠯ ᠤᠨ ᠰᠢᠪᠠᠭᠤ ᠶᠢ ᠬᠠᠮᠠᠭᠠᠯᠠᠬᠤ ᠠᠵᠢᠯᠯᠠᠭ᠎ᠠ ᠶᠢᠨ ᠲᠣᠭᠤᠷᠢᠨ ᠪᠠᠶᠢᠴᠠᠭᠠᠯᠲᠠ ᠳᠤ᠂ ᠳ᠋ᠧᠩᠺᠸᠣ ᠰᠢᠶᠠᠨ ᠤ ᠬᠠᠲᠤᠨ ᠭᠤᠣᠯ ᠤᠨ ᠨᠤᠭᠤ ᠭᠠᠵᠠᠷ ᠠᠴᠠ ᠳᠡᠯᠡᠬᠡᠢ ᠳᠠᠶᠠᠭᠠᠷ ᠲᠦᠢᠯ ᠤᠨ ᠬᠤᠪᠤᠷᠳᠠᠭᠰᠠᠨ ᠰᠢᠪᠠᠭᠤᠨ ᠤ ᠲᠥᠷᠥᠯ — ᠬᠥᠬᠡ ᠲᠣᠯᠣᠭᠠᠶᠢᠲᠤ ᠱᠤᠩᠭᠤᠯ ᠨᠤᠭᠤᠰᠤ ᠶᠢ ᠢᠯᠡᠷᠡᠭᠦᠯᠪᠡ᠂ ᠡᠨᠡ ᠨᠢ ᠮᠥᠨ ᠴᠦ ᠳ᠋ᠧᠩᠺᠸᠣ ᠰᠢᠶᠠᠨ ᠳᠤ ᠠᠩᠬ᠎ᠠ ᠤᠳᠠᠭ᠎ᠠ ᠬᠥᠬᠡ ᠲᠣᠯᠣᠭᠠᠶᠢᠲᠤ ᠱᠤᠩᠭᠤᠯ ᠨᠤᠭᠤᠰᠤ ᠶᠢᠨ ᠳᠦᠷᠰᠦ ᠶᠢ ᠢᠯᠡᠷᠡᠭᠦᠯᠵᠦ ᠪᠠᠶᠢᠭ᠎ᠠ ᠶᠠᠪᠤᠳᠠᠯ ᠪᠣᠯᠣᠨ᠎ᠠ᠃

6384825818006348852551825.jpg

    ᠬᠠᠪᠤᠷ ᠤᠨ ᠤᠯᠠᠷᠢᠯ ᠤᠨ ᠨᠡᠭᠦᠳᠡᠯ ᠤᠨ ᠰᠢᠪᠠᠭᠤ ᠶᠢ ᠬᠠᠮᠠᠭᠠᠯᠠᠬᠤ ᠠᠵᠢᠯᠯᠠᠭ᠎ᠠ ᠶᠢ ᠥᠷᠨᠢᠭᠦᠯᠦᠭᠰᠡᠨ ᠠᠴᠠ ᠨᠠᠭᠠᠰᠢ᠂ ᠳ᠋ᠧᠩᠺᠸᠤ ᠰᠢᠶᠠᠨ ᠤ

ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠠᠮᠢ ᠠᠬᠤᠢ ᠣᠷᠴᠢᠨ ᠲᠣᠭᠤᠷᠢᠨ ᠢᠳᠡᠭᠡᠨ ᠪᠠ ᠡᠮ ᠤᠨ ᠵᠦᠢᠯᠡᠰ ᠤᠨ ᠶᠠᠯᠠᠲᠤ ᠠᠵᠢᠯᠯᠠᠭ᠎ᠠ ᠶᠢ ᠲᠤᠷᠰᠢᠨ

ᠪᠠᠶᠢᠴᠠᠭᠠᠬᠤ ᠶᠡᠭᠡ ᠠᠩᠭᠢ ᠶᠢᠨ ᠬᠢᠨ ᠨᠡᠭᠦᠳᠡᠯ ᠤᠨ ᠰᠢᠪᠠᠭᠤ ᠶᠢᠨ ᠨᠡᠭᠦᠳᠡᠯ ᠤᠨ ᠭᠤᠣᠯᠳᠠᠯᠭ᠎ᠠ ᠲᠠᠢ ᠤᠰᠤᠨ ᠣᠷᠣᠨ ᠢ ᠴᠢᠩᠭ᠎ᠠ ᠠᠩᠬᠠᠷᠴᠤ᠂

ᠲᠣᠭᠤᠷᠢᠨ ᠬᠠᠮᠠᠭᠠᠯᠠᠬᠤ ᠡᠷᠴᠢᠮ ᠢᠶᠠᠨ ᠲᠠᠰᠤᠷᠠᠯᠲᠠ ᠦᠭᠡᠢ ᠴᠢᠩᠭᠠᠳᠬᠠᠵᠤ᠂ ᠬᠢᠯᠢ ᠪᠠᠷ ᠥᠩᠭᠡᠷᠡᠬᠦ ᠨᠡᠭᠦᠳᠡᠯ ᠤᠨ ᠰᠢᠪᠠᠭᠤ ᠶᠢᠨ ᠠᠮᠤᠷ ᠲᠦᠪᠰᠢᠨ ᠢ

ᠪᠠᠲᠤᠯᠠᠵᠠᠢ᠃

ᠠᠷᠠᠳ ᠤᠨ ᠴᠠᠭᠳᠠᠭ᠎ᠠ ᠬᠠᠲᠤᠨ ᠭᠤᠣᠯ ᠤᠨ ᠨᠤᠭᠤ ᠭᠠᠵᠠᠷ ᠢᠶᠠᠷ ᠲᠣᠭᠤᠷᠢᠨ ᠪᠠᠶᠢᠴᠠᠭᠠᠬᠤ ᠳᠠᠭᠠᠨ ᠠᠵᠠ ᠪᠠᠷ ᠬᠥᠬᠡ ᠲᠣᠯᠣᠭᠠᠶᠢᠲᠤ ᠱᠤᠩᠭᠤᠯ

ᠨᠤᠭᠤᠰᠤ ᠶᠢ ᠤᠯᠵᠤ ᠰᠡᠭᠦᠳᠡᠷᠯᠡᠵᠠᠢ᠂ ᠨᠡᠶᠢᠲᠡ ᠵᠢᠷᠭᠤᠭᠠᠨ ᠬᠦᠬᠡ ᠲᠤᠯᠤᠭᠠᠶᠢᠲᠤ ᠱᠤᠩᠭᠤᠯ ᠨᠤᠭᠤᠰᠤ ᠪᠠᠶᠢᠭᠰᠠᠨ ᠪᠦᠭᠡᠳ ᠡᠷᠬᠢᠨ ᠲᠣᠭᠤᠷᠢᠨ ᠳᠤᠨᠢ

ᠴᠠᠭᠠᠨ ᠨᠢᠳᠦᠲᠦ ᠱᠤᠩᠭᠤᠯ ᠨᠤᠭᠤᠰᠤ ᠴᠤ ᠬᠠᠷᠠᠭᠳᠠᠵᠤ ᠪᠠᠶᠢᠪᠠ᠃ ᠮᠠᠲ᠋ᠧᠷᠢᠶᠠᠯ ᠢ ᠦᠨᠳᠦᠰᠦᠯᠡᠪᠡᠯ᠂ ᠬᠥᠬᠡ ᠲᠣᠯᠣᠭᠠᠶᠢᠲᠤ ᠱᠤᠩᠭᠤᠯ ᠨᠤᠭᠤᠰᠤ ᠶᠢᠨ

ᠣᠷᠣᠰᠢᠨ ᠠᠮᠢᠳᠤᠷᠠᠬᠤ ᠣᠷᠴᠢᠨ ᠲᠣᠭᠤᠷᠢᠨ ᠤ ᠱᠠᠭᠠᠷᠳᠠᠯᠭ᠎ᠠ ᠨᠢ ᠮᠠᠰᠢ ᠥᠨᠳᠥᠷ ᠪᠠᠶᠢᠵᠤ᠂ ᠣᠷᠴᠢᠨ ᠲᠣᠭᠤᠷᠢᠨ ᠤ ᠴᠢᠨᠠᠷ ᠴᠢᠨᠰᠠᠭ᠎ᠠ ᠶᠢᠨ ᠰᠠᠶᠢᠨ

ᠮᠠᠭᠤ ᠶᠢ ᠢᠯᠡᠳᠬᠡᠬᠦ ᠳᠦᠷᠰᠦ ᠭᠡᠵᠦ ᠬᠡᠯᠡᠵᠦ ᠪᠣᠯᠬᠤ ᠠᠵᠢ᠂ ᠲᠡᠷᠡ ᠨᠢ ᠪᠥᠬᠦ ᠳᠡᠯᠡᠬᠡᠢ ᠳᠤ 1000 ᠬᠦᠷᠬᠦ ᠦᠭᠡᠢ ᠪᠠᠶᠢᠵᠤ᠂ ᠲᠣᠮᠣ ᠮᠠᠯᠤᠷ

ᠥᠲᠡᠭᠡ ᠠᠴᠠ ᠴᠦ ᠬᠤᠪᠤᠷ ᠪᠠᠶᠢᠳᠠᠭ᠃

6384825821350313211270727.jpg

   ᠬᠥᠬᠡ ᠲᠣᠯᠣᠭᠠᠶᠢᠲᠤ ᠱᠤᠩᠭᠤᠯ ᠨᠤᠭᠤᠰᠤ ᠶᠢᠨ ᠲᠠᠷᠬᠠᠯᠲᠠ ᠶᠢᠨ ᠣᠷᠣᠨ ᠨᠢ ᠲᠠᠷᠠᠬᠠᠢ ᠪᠥᠭᠡᠳ ᠢᠪᠴᠤᠤ᠂ ᠳᠦᠷᠰᠦ ᠶᠢᠨ ᠰᠦᠷᠦᠭ ᠤᠨ ᠲᠤᠭ᠎ᠠ ᠨᠢ

ᠲᠦᠢᠯ ᠤᠨ ᠴᠥᠭᠡᠨ ᠪᠠᠶᠢᠵᠤ᠂ 2019 ᠣᠨ ᠳᠤ ᠬᠥᠬᠡ ᠲᠣᠯᠣᠭᠠᠶᠢᠲᠤ ᠱᠤᠩᠭᠤᠯ ᠨᠤᠭᠤᠰᠤ ᠶᠢ ︽ᠳᠡᠯᠡᠬᠡᠢ ᠶᠢᠨ ᠪᠠᠶᠢᠭᠠᠯᠢ ᠶᠢᠨ ᠬᠠᠮᠠᠭᠠᠯᠠᠯᠲᠠ ᠶᠢᠨ

ᠬᠤᠯᠪᠣᠭᠠᠨ ᠤ ᠬᠤᠪᠤᠷᠳᠠᠭᠰᠠᠨ ᠳᠦᠷᠰᠦ ᠶᠢᠨ ᠤᠯᠠᠭᠠᠨ ᠨᠤᠮ ᠤᠨ ᠵᠢᠭᠰᠠᠭᠠᠯᠲᠠ︾ ᠶᠢᠨ ᠳᠣᠲᠣᠷᠠᠬᠢ ᠲᠦᠢᠯ ᠤᠨ ᠲᠦᠭᠰᠢᠭᠦᠷᠢᠲᠡᠢ ᠪᠤᠯᠤᠭᠰᠠᠨ

ᠬᠠᠮᠠᠭᠠᠯᠠᠯᠲᠠ ᠶᠢᠨ ᠲᠠᠰ ᠲᠤ ᠣᠷᠣᠭᠤᠯᠵᠤ᠂ 2021 ᠣᠨ ᠳᠤ ᠬᠥᠬᠡ ᠲᠣᠯᠣᠭᠠᠶᠢᠲᠤ ᠱᠤᠩᠭᠤᠯ ᠨᠤᠭᠤᠰᠤ ᠶᠢ ᠳᠤᠮᠳᠠᠳᠤ ᠤᠯᠤᠰ ᠤᠨ ᠤᠯᠤᠰ ᠤᠨ

ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠬᠡᠭᠡᠷ᠎ᠡ ᠶᠢᠨ ᠠᠮᠢᠲᠠᠨ ᠢᠶᠠᠷ ᠵᠢᠭᠰᠠᠭᠠᠵᠠᠢ᠃

6384825824071957359322370.jpg

    ᠬᠥᠬᠡ ᠲᠣᠯᠣᠭᠠᠶᠢᠲᠤ ᠱᠤᠩᠭᠤᠯ ᠨᠤᠭᠤᠰᠤ ᠪᠣᠯ ᠭᠠᠯᠠᠭᠤᠨ ᠤ ᠪᠠᠭ ᠤᠨ ᠨᠤᠭᠤᠰᠤᠨ ᠤ ᠢᠵᠠᠭᠤᠷ ᠤᠨ ᠱᠤᠩᠭᠤᠯ ᠨᠤᠭᠤᠰᠤᠨ ᠤ ᠲᠦᠷᠦᠯ ᠤᠨ

ᠰᠢᠪᠠᠭᠤ ᠪᠣᠯᠣᠨ᠎ᠠ᠃ ᠪᠡᠶ᠎ᠡ ᠨᠢ ᠲᠣᠭᠤᠷᠠᠭ ᠲᠣᠯᠣᠭᠠᠢ ᠨᠢ ᠲᠣᠮᠣ᠂ ᠡᠷᠡᠭᠴᠢᠨ ᠰᠢᠪᠠᠭᠤᠨ ᠤ ᠲᠣᠯᠣᠭᠠᠢ ᠪᠠ ᠬᠦᠵᠦᠭᠦᠨ ᠤ ᠬᠠᠷ᠎ᠠ ᠬᠡᠰᠡᠭ ᠨᠢ ᠨᠣᠭᠤᠭᠠᠨ

ᠲᠤᠶᠠᠭ᠎ᠠ ᠲᠠᠲᠠᠵᠤ᠂ ᠨᠢᠳᠦ ᠨᠢ ᠴᠠᠭᠠᠨ᠂ ᠨᠢᠷᠤᠭᠤ ᠪᠠᠨ ᠳᠠᠭᠠᠭᠠᠳ ᠬᠠᠷ᠎ᠠ ᠬᠦᠷᠡᠩ ᠥᠩᠭᠡ ᠲᠠᠢ᠂ ᠨᠢᠷᠤᠭᠤᠨ ᠤ ᠳᠤᠤᠷ᠎ᠠ ᠲᠠᠯ᠎ᠠ ᠪᠠ ᠬᠤᠶᠠᠷ ᠮᠥᠷᠥᠨ

ᠳ᠋ᠦᠨᠢ ᠬᠦᠷᠡᠩ ᠦᠩᠭᠡᠲᠦ ᠲᠣᠯᠪᠤ ᠬᠤᠯᠢᠯᠳᠤᠵᠤ᠂ ᠬᠡᠪᠡᠯᠢ ᠶᠢᠨ ᠬᠡᠰᠡᠭ ᠨᠢ ᠴᠠᠭᠠᠨ ᠥᠩᠭᠡ ᠲᠠᠢ᠂ ᠴᠡᠭᠡᠵᠢᠨ ᠬᠡᠰᠡᠭ ᠨᠢ ᠬᠦᠷᠡᠩ ᠥᠩᠭᠡ ᠲᠠᠢ᠂

ᠡᠮᠡᠭᠴᠢᠨ ᠰᠢᠪᠠᠭᠤᠨ ᠤ ᠪᠡᠶ᠎ᠡ ᠶᠢᠨ ᠥᠲᠥ ᠨᠢ ᠴᠣᠯ ᠬᠦᠷᠡᠩ ᠥᠩᠭᠡᠲᠡᠢ ᠪᠠᠶᠢᠳᠠᠭ᠃ ᠭᠤᠣᠯᠳᠠᠭᠤ ᠵᠠᠮᠠᠭ ᠤᠨ ᠲᠦᠷᠦᠯ ᠪᠠ ᠵᠢᠭᠠᠰᠤ ᠰᠠᠮ

ᠬᠢᠰᠤᠭ᠎ᠠ ᠶᠢᠨ ᠲᠥᠷᠥᠯ ᠢᠶᠠᠷ ᠢᠳᠡᠰᠢᠯᠡᠳᠡᠭ ᠬᠤᠯᠢᠮᠠᠭ ᠢᠳᠡᠰᠢᠲᠦ ᠰᠢᠪᠠᠭᠤᠨ ᠳᠤ ᠪᠠᠭᠲᠠᠳᠠᠭ᠃ ᠬᠥᠬᠡ ᠲᠣᠯᠣᠭᠠᠶᠢᠲᠤ ᠱᠤᠩᠭᠤᠯ ᠨᠤᠭᠤᠰᠤ ᠪᠣᠯ

ᠨᠡᠭᠦᠳᠡᠯ ᠤᠨ ᠰᠢᠪᠠᠭᠤᠨ ᠤ ᠲᠥᠷᠥᠯ᠂ ᠵᠢᠯ ᠪᠦᠷᠢ ᠶᠢᠨ 3 ᠰᠠᠷ᠎ᠠ ᠶᠢᠨ ᠳᠤᠮᠳᠠᠴᠢ ᠪᠠᠷ ᠡᠮᠦᠨᠡᠲᠦ ᠣᠷᠣᠨ ᠠᠴᠠ ᠤᠮᠠᠷᠠᠲᠤ ᠣᠷᠣᠨ ᠳᠤ ᠨᠡᠭᠦᠳᠡᠯᠯᠡᠨ

ᠦᠷᠡᠵᠢᠵᠦ᠂ ᠨᠠᠮᠤᠷ ᠤᠨ ᠤᠯᠠᠷᠢᠯ ᠳᠤ 10 ᠰᠠᠷ᠎ᠠ ᠶᠢᠨ ᠳᠤᠮᠳᠠᠴᠢ ᠠᠴᠠ ᠡᠬᠢᠯᠡᠨ ᠡᠮᠦᠨᠡᠲᠦ ᠣᠷᠣᠨ ᠳᠤ ᠨᠡᠭᠦᠳᠡᠯᠯᠡᠳᠡᠭ᠃

ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ