ᠮᠣᠩᠭᠤᠯ ᠡᠮᠡᠭᠡᠯ
ᠨᠡᠶᠢᠲᠡᠯᠡᠭᠰᠡᠨ ᠴᠠᠭ᠄
2024/3/28
      ᠮᠣᠩᠭᠤᠯᠴᠤᠳ ᠤᠷᠲᠤ ᠬᠤᠭᠤᠴᠠᠭᠠᠨ ᠤ ᠦᠢᠯᠡᠳᠦᠯᠭᠡ ᠪᠠᠷ ᠳᠡᠮᠵᠢᠵᠣ ᠮᠣᠷᠢᠨ ᠳᠤ ᠲᠣᠬᠤᠬᠤ ᠡᠮᠡᠭᠡᠯ ᠡᠭᠦᠳᠴᠦ᠂ ᠲᠡᠭᠦᠨ ᠢᠶᠠᠨ ᠬᠡᠷᠡᠭᠯᠡᠭᠡᠨ ᠳᠡᠭᠡᠨ ᠪᠦᠬᠦ ᠲᠠᠯ᠎ᠠ ᠪᠠᠷ ᠠᠰᠢᠭᠯᠠᠵᠤ ᠢᠷᠡᠭᠰᠡᠨ ᠲᠡᠦᠬᠡ ᠲᠠᠢ᠃ ᠡᠮᠡᠭᠡᠯ ᠢ ᠡᠬᠢᠯᠡᠵᠤ ᠵᠣᠬᠢᠶᠠᠬᠤ ᠳᠠᠭᠠᠨ ᠬᠡᠯᠡᠯᠭᠡᠨ ᠦᠭᠡᠢ ᠳᠥᠭᠦᠮ ᠪᠦᠳᠦᠭᠦᠯᠢᠭ ᠪᠠᠶᠢᠭᠰᠠᠨ ᠨᠢ ᠭᠠᠷᠴᠠᠭ᠎ᠠ ᠦᠭᠡᠢ᠂ ᠡᠳ᠋ᠯᠡᠵᠤ ᠵᠠᠷᠣᠬᠤ ᠶᠠᠪᠤᠴᠠ ᠳᠤ ᠠᠯᠬᠤᠮ ᠠᠯᠬᠤᠮ ᠢᠶᠠᠷ ᠬᠡᠪ ᠶᠠᠩᠵᠤ ᠶᠢ ᠨᠢ ᠥᠭᠡᠷᠡᠴᠢᠯᠡᠨ ᠡᠳ᠋ᠯᠡᠯ ᠬᠡᠷᠡᠭᠰᠡᠯ ᠢ ᠨᠢ ᠪᠦᠷᠢᠨᠰᠢᠭᠦᠯᠵᠤ᠂ ᠴᠢᠨᠠᠷ ᠴᠢᠨᠰᠠᠭ᠎ᠠ ᠶᠢ ᠨᠢ ᠰᠠᠶᠢᠵᠢᠷᠠᠭᠤᠯᠵᠤ᠂ ᠡᠳ᠋ᠯᠡᠵᠤ ᠬᠡᠷᠡᠭᠯᠡᠬᠦ ᠳᠤ ᠪᠦᠬᠡᠯᠢᠭ ᠬᠡᠷᠡᠭᠴᠡᠭᠡᠨ ᠤ ᠱᠠᠭᠠᠷᠳᠠᠯᠭ᠎ᠠ ᠳᠤ ᠲᠣᠬᠢᠷᠠᠭᠰᠠᠨ ᠣᠳᠣ ᠦᠶ᠎ᠡ ᠶᠢᠨ ᠡᠶᠢᠮᠦᠷᠬᠦᠦ ᠡᠮᠡᠭᠡᠯ ᠪᠤᠯᠭᠠᠭᠰᠠᠨ ᠭᠡᠯᠲᠡᠢ᠃ ᠮᠣᠩᠭᠤᠯᠴᠤᠳ ᠡᠳ᠋ ᠪᠤᠳᠠᠰ ᠤᠨ ᠡᠯᠪᠡᠭᠵᠢᠬᠦ ᠳᠤ ᠨᠡᠶᠢᠴᠡᠭᠦᠯᠦᠨ ᠮᠣᠷᠢᠨ ᠡᠳ᠋ᠯᠡᠯ ᠢᠶᠠᠨ ᠨᠡᠩ ᠭᠤᠶᠤ ᠭᠠᠩᠭᠠᠩ ᠪᠤᠯᠭᠠᠵᠤ᠂ ᠳᠡᠯᠡᠬᠡᠢ ᠳ᠋ᠠᠬᠢᠨ ᠤ ᠥᠭᠡᠷ᠎ᠡ ᠦᠨᠳᠦᠰᠦᠲᠡᠨ ᠶᠠᠰᠤᠲᠠᠨ ᠤ ᠠᠷᠠᠳ ᠣᠯᠠᠨ ᠤ ᠪᠠᠭ᠋ᠠᠷᠬᠠᠯ ᠰᠤᠨᠢᠷᠬᠠᠯ ᠢ ᠲᠠᠲᠠᠵᠤ᠂ ᠮᠣᠩᠭᠤᠯ ᠰᠤᠶᠤᠯ ᠤᠨ ᠲᠡᠦᠬᠡᠨ ᠬᠠᠭᠤᠳᠠᠰᠤᠨ ᠳᠤ ᠨᠢᠭᠡᠨ ᠪᠦᠷᠢᠯᠳᠦᠭᠦᠨ ᠪᠤᠯᠭᠠᠨ ᠲᠡᠮᠲᠡᠭᠯᠡᠵᠡᠢ᠃      ᠮᠣᠷᠢᠨ ᠳᠤ ᠡᠮᠡᠭᠡᠯ ᠲᠣᠬᠤᠵᠤ ᠤᠨᠤᠬᠤ ᠪᠤᠯᠤᠭᠰᠠᠨ ᠲᠡᠷᠡ ᠦᠶ᠎ᠡ ᠠᠴᠠ ᠮᠣᠩᠭᠤᠯᠴᠤᠳ ᠥᠪᠡᠷ ᠤᠨ ᠰᠠᠨᠠᠭᠠᠨ ᠲᠠᠪᠠ ᠪᠠᠷ ᠢᠶᠠᠨ ᠡᠳᠦᠷ ᠳᠤᠲᠤᠮ ᠤᠨ ᠠᠵᠢᠯ ᠶᠠᠪᠤᠳᠠᠯ ᠢᠶᠠᠨ ᠬᠢᠵᠤ ᠭᠦᠢᠴᠡᠳᠬᠡᠬᠦ ᠪᠠ ᠥᠪᠡᠷ ᠬᠤᠭᠤᠷᠤᠨᠳᠤ ᠪᠠᠨ ᠶᠠᠪᠤᠯᠴᠠᠨ ᠵᠣᠯᠭᠠᠬᠤ ᠠᠴᠠ ᠡᠬᠢᠯᠡᠨ ᠠᠯᠪᠠᠨ ᠤ ᠪᠠ ᠠᠮᠢᠨ ᠤ ᠤᠴᠢᠷ ᠢᠶᠠᠷ ᠠᠯᠤᠰ ᠬᠤᠯᠠ ᠶᠢᠨ ᠠᠶᠠᠯᠠᠯ ᠬᠢᠬᠦ ᠪᠠᠷ ᠵᠤᠭᠰᠤᠬᠤ ᠦᠭᠡᠢ ᠳᠠᠶᠠᠩ ᠳᠡᠯᠡᠬᠡᠢ ᠶᠢᠨ ᠤᠯᠤᠰ ᠣᠷᠣᠨ ᠢᠶᠠᠷ ᠴᠦ ᠥᠪᠡᠷ ᠤᠨ ᠰᠠᠨᠠᠭᠠᠨ ᠲᠠᠪᠠ ᠪᠠᠷ ᠢᠶᠠᠨ ᠠᠶᠠᠯᠠᠨ ᠶᠠᠪᠤᠬᠤ ᠠᠵᠠ ᠲᠣᠬᠢᠶᠠᠯ ᠢ ᠮᠣᠩᠭᠤᠯᠴᠤᠳ ᠲᠤ ᠡᠮᠡᠭᠡᠯᠲᠤ ᠮᠣᠷᠢ ᠣᠯᠭᠤᠭᠰᠠᠨ ᠠᠵᠠᠢ᠃ ᠮᠣᠩᠭᠤᠯᠴᠤᠳ ᠨᠢᠭᠡᠨ ᠤᠳᠠᠭᠠᠨ ᠤ ᠠᠶᠠᠯᠠᠯ ᠢᠶᠠᠨ ᠲᠡᠭᠦᠰᠬᠡᠭᠡᠳ ᠪᠡᠶ᠎ᠡ ᠪᠠ ᠮᠣᠷᠢ ᠪᠠᠨ ᠠᠮᠠᠷᠠᠭᠤᠯᠬᠤ ᠦᠶ᠎ᠡ ᠳᠤ᠂ ᠮᠣᠷᠢᠨ ᠤ ᠡᠮᠡᠭᠡᠯ ᠢᠶᠠᠨ ᠠᠪᠤᠭᠠᠳ ᠬᠠᠮᠢᠶ᠎ᠠ ᠨᠠᠮᠢᠶ᠎ᠠ ᠦᠭᠡᠢ ᠬᠠᠶᠠᠵᠤ ᠲᠠᠯᠪᠢᠳᠠᠭ ᠦᠭᠡᠢ᠃ ᠡᠮᠡᠭᠡᠯ ᠤᠨ ᠠᠷᠤ ︵ᠪᠦᠭᠦᠷᠭᠡ︶ ᠪᠠᠷ ᠭᠠᠵᠠᠷ ᠲᠦᠰᠢᠭᠦᠯᠦᠨ᠂ ᠬᠤᠶᠢᠳᠤ ᠵᠦᠭ ᠲᠤ ᠰᠠᠭᠤᠳᠠᠯ ᠢ ᠨᠢ ᠬᠠᠨᠳᠤᠭᠤᠯᠤᠨ ᠲᠠᠯᠪᠢᠳᠠᠭ᠃ ᠡᠮᠡᠭᠡᠯ ᠢᠶᠠᠨ ᠲᠣᠬᠤᠬᠤ ᠦᠭᠡᠢ ᠦᠶ᠎ᠡ ᠳᠤ ᠡᠮᠡᠭᠡᠯ ᠳᠡᠭᠡᠷ᠎ᠡ ᠪᠠᠨ ᠰᠠᠨᠳᠠᠶᠢᠯᠠᠵᠤ ᠰᠠᠭᠤᠬᠤ ᠪᠤᠶᠤ ᠮᠤᠳᠤ ᠪᠠ ᠥᠭᠡᠷ᠎ᠡ ᠶᠠᠭᠤᠮᠠᠨ ᠳᠡᠭᠡᠷ᠎ᠡ ᠲᠤᠬᠤᠵᠤ ᠲᠠᠯᠪᠢᠭᠰᠠᠨ ᠦᠶ᠎ᠡ ᠳᠤ ᠪᠠᠨ ᠴᠦ ᠤᠨᠤᠵᠤ ᠵᠠᠶᠢᠳᠠᠯᠠᠬᠤ ᠶᠢ ᠴᠡᠭᠡᠷᠯᠡᠳᠡᠭ᠃ ᠭᠡᠷ ᠠᠴᠠ ᠵᠠᠶᠢᠳᠠᠭᠤ ᠭᠠᠵᠠᠷ ᠮᠤᠷᠢ ᠪᠠᠨ ᠴᠢᠳᠦᠷᠯᠡᠵᠤ ᠲᠠᠯᠪᠢᠭᠠᠳ ᠭᠡᠷ ᠵᠦᠭ ᠢᠶᠠᠨ ᠢᠷᠡᠭᠦ ᠳᠡᠭᠡᠨ ᠡᠮᠡᠭᠡᠯ ᠢᠶᠠᠨ ᠡᠭᠦᠷᠴᠦ ᠢᠷᠡᠳᠡᠭ ᠦᠭᠡᠢ᠂ ᠡᠮᠦᠨ᠎ᠡ ᠪᠠᠨ ᠲᠡᠪᠡᠷᠢᠵᠤ ᠠᠪᠴᠢᠷᠠᠳᠠᠭ᠃ ᠭᠡᠷ ᠲᠤ ᠣᠷᠣᠭᠤᠯᠵᠣ ᠲᠠᠯᠪᠢᠬᠤ ᠳᠠᠭᠠᠨ ᠲᠤᠰᠬᠠᠢ ᠪᠡᠯᠡᠳᠭᠡᠭᠰᠡᠨ ᠮᠣᠳᠣ ᠪᠤᠶᠤ ᠵᠢᠭ᠌ᠳᠡᠨ ᠳᠡᠭᠡᠷ᠎ᠡ ᠲᠤᠬᠤᠵᠤ ᠬᠠᠨ᠎ᠠ ᠲᠦᠰᠢᠭᠦᠯᠦᠨ ᠲᠠᠯᠪᠢᠬᠤ ᠶᠤᠮ ᠤᠤ ᠡᠰᠡᠭᠦᠯ᠎ᠡ ᠭᠠᠵᠠᠷ ᠲᠠᠯᠪᠢᠪᠠᠯ ᠪᠦᠭᠦᠷᠭᠡ ᠶᠢ ᠨᠢ ᠬᠤᠶᠢᠰᠢ ᠬᠠᠨᠳᠤᠭᠤᠯᠤᠨ ᠲᠠᠯᠪᠢᠳᠠᠭ ᠶᠤᠮ᠃      ᠮᠣᠩᠭᠤᠯᠴᠤᠳ ᠮᠣᠷᠢᠨ ᠡᠮᠡᠭᠡᠯ ᠢ ᠨᠡᠶᠢᠲᠡᠮ ᠬᠡᠷᠡᠭᠯᠡᠳᠡᠭ ᠪᠤᠯᠪᠠᠴᠤ ᠭᠠᠵᠠᠷ ᠭᠠᠵᠠᠷ ᠤᠨ ᠵᠠᠩ ᠵᠠᠩᠰᠢᠯ ᠢᠶᠠᠷ ᠡᠮᠡᠭᠡᠯ ᠤᠨ ᠬᠡᠪ ᠶᠠᠩᠵᠤ ᠡᠳ᠋ᠯᠡᠯ ᠬᠡᠷᠡᠭᠰᠡᠯ ᠨᠢ ᠬᠠᠷᠠᠬᠠᠨ ᠠᠳᠠᠯᠢ ᠦᠭᠡᠢ ᠪᠠᠶᠢᠳᠠᠭ᠃ ᠮᠣᠷᠢᠨ ᠤ ᠡᠮᠡᠭᠡᠯ ᠤᠨ ᠬᠥᠷᠦᠩᠭᠡ ᠮᠥᠩᠭᠦᠨ ᠤ ᠴᠢᠨᠡᠭᠡ ᠪᠠᠷ ᠭᠤᠶᠤᠯᠠᠵᠤ ᠭᠠᠩᠭᠠᠯᠠᠬᠤ ᠶᠢ ᠡᠷᠬᠢᠮᠯᠡᠳᠡᠭ᠃ ᠡᠮᠡᠭᠡᠯ ᠤᠨ ᠬᠢᠷ᠎ᠠ᠂ ᠳᠠᠷᠤᠭᠤᠯᠭ᠎ᠠ ᠶᠢ ᠡᠷᠲᠡ ᠡᠳᠦᠭᠡ ᠳᠤ ᠠᠳᠠᠯᠢ ᠦᠭᠡᠢ ᠵᠦᠢᠯ ᠤᠳ ᠢᠶᠠᠷ ᠵᠣᠬᠢᠶᠠᠭᠰᠠᠨ ᠪᠠᠶᠢᠳᠠᠭ᠃ ᠨᠡᠯᠢᠶᠡᠳ ᠡᠳ᠋ ᠬᠥᠷᠦᠩᠭᠡ ᠲᠠᠢ ᠪᠠᠶᠠᠨ ᠴᠢᠨᠡᠭᠡᠯᠢᠭ ᠬᠦᠮᠦᠨ ᠤ ᠲᠤᠬᠤᠭᠰᠠᠨ ᠡᠮᠡᠭᠡᠯ ᠨᠢ ᠮᠥᠩᠭᠦᠨ ᠬᠢᠷ᠎ᠡ᠂ ᠳᠠᠷᠤᠭᠤᠯᠭ᠎ᠠ᠂ ᠪᠠᠭᠠᠪᠤᠷ᠂ ᠰᠥᠪᠡᠭᠴᠢ ᠵᠡᠷᠭᠡ ᠡᠳ᠋ᠯᠡᠯ ᠪᠦᠷᠢᠨ ᠪᠠᠶᠢᠬᠤ ᠪᠠᠷ ᠪᠠᠷᠠᠬᠤ ᠦᠭᠡᠢ ᠭᠠᠨᠵᠤᠭ᠎ᠠ ᠪᠤᠯᠭᠠᠨ ᠤ ᠦᠵᠦᠭᠦᠷ ᠲᠤᠨᠢ ᠮᠥᠩᠭᠦᠨ ᠪᠦᠭᠡᠵᠢ ᠲᠠᠢ ᠪᠠᠶᠢᠳᠠᠭ᠃ ᠡᠩ ᠤᠨ ᠬᠦᠮᠦᠨ ᠤ ᠪᠠᠶᠢᠩᠭᠤ ᠲᠤᠬᠤᠳᠠᠭ ᠡᠮᠡᠭᠡᠯ ᠳᠤ ᠵᠡᠰ᠂ ᠭᠠᠤᠯᠢ ᠪᠤᠶᠤ ᠶᠠᠰᠤᠨ ᠬᠢᠷ᠎ᠠ ᠳᠠᠲᠤᠭᠤᠯᠭ᠎ᠠ ᠪᠠᠶᠢᠳᠠᠭ᠃ ᠡᠮᠡᠭᠡᠯ ᠤᠨ ᠬᠢᠷ᠎ᠡ ᠳᠠᠷᠤᠭᠤᠯᠭ᠎ᠠ ᠶᠢ ᠮᠥᠩᠭᠦ ᠪᠠᠷ ᠬᠡ ᠤᠭᠠᠯᠵᠠ ᠭᠠᠷᠭᠠᠵᠤ ᠭᠤᠶᠤ ᠬᠢᠳᠡᠭ ᠠᠴᠠ ᠭᠠᠳᠠᠨ᠎ᠠ᠂ ᠴᠠᠭᠠᠨ ᠶᠠᠩᠴᠢᠶᠠᠨ ᠳᠤ ᠰᠡᠨᠵᠢ ᠭᠠᠷᠭᠠᠭᠠᠳ ︵ᠭᠠᠩᠨᠠᠭᠠᠳ︶ ᠳᠠᠷᠤᠭᠤᠯᠭ᠎ᠠ ᠬᠢᠬᠦ᠂ ᠮᠥᠩᠬᠦ ᠪᠤᠶᠤ ᠵᠡᠰ ᠢᠶᠠᠷ ᠲᠤᠪᠤᠷᠤᠤ ᠬᠡᠯᠪᠡᠷᠢᠲᠡᠢ ᠳᠠᠷᠤᠭᠤᠯᠭ᠎ᠠ ᠬᠢᠭᠰᠡᠨ ᠴᠦ ᠪᠠᠶᠢᠳᠠᠭ᠃ ᠵᠢᠷᠠᠭᠠᠳ ᠣᠨ ᠤ ᠦᠶ᠎ᠡ ᠪᠠᠷ ᠵᠤᠵᠠᠭᠠᠨ ᠬᠤᠸᠠᠰᠢ ︵ᠬᠤᠪᠢᠭᠴᠢᠷ︶ ᠪᠠᠷ ᠬᠡ ᠤᠭᠠᠯᠵᠠ ᠭᠠᠷᠭᠠᠭᠰᠠᠨ ᠬᠢᠷ᠎ᠠ ᠳᠤᠷᠤᠭᠤᠯᠭ᠎ᠠ ᠲᠠᠢ ᠡᠮᠡᠭᠡᠯ ᠴᠦ ᠨᠢᠭᠡ ᠦᠶ᠎ᠡ ᠨᠯᠢᠶᠡᠳ ᠬᠠᠷᠠᠭᠳᠠᠬᠤ ᠪᠤᠯᠤᠭᠰᠠᠨ ᠶᠤᠮ᠃ ᠡᠮᠡᠭᠡᠯ ᠤᠨ ᠬᠥᠯᠢᠮ ᠶᠢᠨ ᠭᠡᠳ ᠠᠳᠠᠯᠢ ᠦᠭᠡᠢ ᠬᠡᠳᠦ ᠬᠡᠳᠦᠨ ᠵᠦᠢᠯ ᠪᠤᠢ᠃ ᠤᠭᠠᠯᠵᠠ ᠲᠠᠢ ᠨᠣᠭᠤᠭᠠᠨ᠂ ᠬᠦᠷᠡᠩ᠂ ᠰᠢᠷ᠎ᠠ᠂ ᠬᠤᠯᠤ ᠥᠩᠭᠡ ᠶᠢᠨ ᠬᠦᠭᠡᠮᠡᠯ ᠰᠢᠷᠢᠨ ᠭᠦᠯᠢᠮ ᠪᠤᠶᠤ ᠪᠤᠯᠢᠭᠠᠷᠢ ᠪᠠᠷ ᠬᠢᠭᠰᠡᠨ ᠨᠠᠪᠴᠢᠨ ᠬᠡᠪ ᠤᠨ ᠬᠦᠯᠢᠮ ᠪᠠ ᠦᠬᠡᠷ ᠤᠨ ᠠᠷᠠᠰᠤ ᠶᠢ ᠢᠳᠡᠭᠡᠯᠡᠵᠤ ᠬᠢᠭᠰᠡᠨ ᠬᠦᠮᠦᠩ ᠬᠦᠯᠢᠮ ᠵᠡᠷᠭᠡ ᠪᠠᠶᠢᠳᠠᠭ ᠶᠤᠮ᠃ ᠡᠮᠡᠭᠡᠯ ᠤᠨ ᠤᠨᠵᠢᠭᠤᠷᠠᠭ᠎ᠠ ᠪᠤᠯ ᠬᠦᠯᠢᠮ ᠤᠨ ᠢᠶᠠᠨ ᠥᠩᠭᠡ᠂ ᠬᠡ ᠲᠠᠢ ᠠᠳᠠᠯᠢᠬᠠᠨ ᠪᠠᠶᠢᠳᠠᠭ᠃ ᠡᠮᠡᠭᠡᠯ ᠤᠨ ᠳᠥᠷᠦᠭᠡ ᠨᠢ ᠭᠠᠩ ᠲᠠᠢ ᠲᠡᠮᠦᠷ ᠢᠶᠠᠷ ᠪᠤᠶᠤ ᠭᠠᠤᠯᠢ ᠪᠠᠷ ᠳᠡᠪᠲᠡᠵᠤ ᠬᠢᠭᠰᠡᠨ ᠲᠦᠭᠦᠷᠢᠭ ᠲᠠᠪᠠᠭ ᠲᠠᠢ ᠪᠤᠶᠤ ᠬᠠᠪᠢᠷᠭᠠᠨ ᠲᠠᠪᠠᠭ ᠲᠠᠢ ᠳᠥᠷᠦᠭᠡ ᠪᠠᠶᠢᠳᠠᠭ ᠠᠴᠠ ᠭᠠᠳᠠᠨ᠎ᠠ ᠣᠨᠴᠠ ᠳᠡᠭᠡᠳᠦ ᠨᠣᠶᠠᠳ ᠬᠡᠷᠭᠡᠮᠳᠡᠨ ᠳᠤ ᠵᠣᠷᠢᠭᠤᠯᠵᠤ ᠬᠢᠭᠰᠡᠨ ᠮᠥᠩᠭᠦᠨ ᠳᠥᠷᠥᠭᠡ ᠪᠠᠶᠢᠳᠠᠭ ᠭᠡᠵᠤ ᠠᠬᠠᠮᠠᠳ ᠬᠦᠮᠦᠰ ᠶᠠᠷᠢᠳᠠᠭ ᠪᠠᠶᠢᠭᠰᠠᠨ᠃ ᠡᠮᠡᠭᠡᠯ ᠳᠤ ᠭᠠᠨᠵᠤᠭ᠎ᠠ ᠪᠤᠯ ᠳᠤᠲᠠᠭᠳᠠᠵᠤ ᠪᠤᠯᠤᠰᠢ ᠦᠭᠡᠢ ᠬᠡᠷᠡᠭᠴᠡᠭᠡ ᠲᠠᠢ ᠪᠠᠶᠢᠳᠠᠭ᠃ ᠡᠭᠦᠨ ᠳᠤ ᠵᠠᠰᠠᠯ ᠤᠨ ᠡᠮᠡᠭᠡᠯ ᠪᠤᠶᠤ ᠠᠵᠢᠯ ᠤᠨ ᠬᠦᠮᠦᠨ ᠤ ᠡᠮᠡᠭᠡᠯ ᠭᠡᠵᠤ ᠠᠳᠠᠯᠢ ᠦᠭᠡᠢ ᠪᠠᠶᠢᠳᠠᠭ ᠲᠤᠯᠠ ᠭᠠᠨᠵᠤᠭ᠎ᠠ ᠶᠢ ᠬᠦᠮᠦᠨ ᠪᠤᠯᠭᠠᠨ ᠥᠪᠡᠷ ᠤᠨ ᠳᠤᠷ᠎ᠠ ᠪᠠ ᠰᠤᠷ ᠤᠨ ᠢᠶᠠᠨ ᠪᠠᠶᠢᠭ᠎ᠠ ᠬᠡᠮᠵᠢᠶ᠎ᠡ ᠪᠠᠷ ᠨᠢᠭᠡ ᠡᠮᠡᠭᠡᠯ ᠳᠤ 8 — 16 — 24 — 32 ᠢᠶᠠᠷ ᠠᠳᠠᠯᠢ ᠲᠤᠭᠠᠨ ᠤ ᠭᠠᠨᠵᠤᠭ᠎ᠠ ᠳᠠᠲᠠᠳᠠᠭ ᠶᠤᠮ᠃ ᠡᠮᠡᠭᠡᠯ ᠤᠨ ᠬᠤᠶᠠᠷ ᠵᠢᠷᠢᠮ ᠢ ᠲᠤᠰ ᠪᠦᠷᠢ ᠨᠢᠭᠡ ᠲᠤᠷᠰᠢ ᠰᠤᠷ ᠢ ᠨᠠᠷᠢᠬᠠᠨ ᠳᠢᠷᠪᠡ ᠵᠦᠰᠦᠵᠤ ᠭᠦᠷᠢᠵᠤ ᠵᠤᠬᠢᠶᠠᠳᠠᠭ᠃      ᠣᠯᠣᠩ ᠢ ᠨᠢ ᠠᠳᠤᠭᠤᠨ ᠤ ᠳᠡᠯ ᠢᠶᠠᠷ ᠬᠤᠶᠠᠷ ᠭᠤᠷᠪᠠ ᠪᠠᠷ ᠳᠠᠪᠬᠤᠷᠯᠠᠨ ᠳᠠᠮᠤᠵᠤ ᠬᠢᠬᠦ ᠪᠤᠶᠤ ᠳᠥᠷᠪᠡᠨ ᠬᠡᠰᠡᠭ ᠨᠠᠷᠢᠬᠠᠨ ᠲᠠᠮᠤᠵᠤ ᠬᠠᠪᠲᠠᠭᠠᠢ ᠪᠤᠯᠭᠠᠨ ᠤᠶᠤᠵᠤ ᠬᠢᠳᠡᠭ᠃ ᠨᠢᠭᠡ ᠮᠧᠳ᠋ᠷ ᠬᠢᠷᠢᠲᠡᠢ ᠪᠦᠰ ᠢ ᠳᠥᠷᠪᠡ ᠪᠤᠶᠤ ᠵᠢᠷᠭᠤᠭ᠎ᠠ ᠪᠠᠷ ᠭᠦᠷᠦᠵᠤ ᠬᠢᠳᠡᠭ ᠴᠦ ᠪᠠᠰᠠ ᠪᠤᠢ᠃      ᠡᠮᠡᠭᠡᠯ ᠤᠨ ᠲᠤᠬᠤᠮ ᠢ ᠵᠤᠵᠠᠭᠠᠪᠲᠤᠷ ᠢᠰᠡᠭᠡᠢ ᠶᠢ ᠬᠤᠷᠠᠭᠠᠨ ᠢᠰᠡᠭᠡᠢ ᠪᠠᠷ ᠳᠠᠪᠬᠤᠷᠯᠠᠵᠤ ᠤᠶᠤᠭᠠᠳ ᠵᠠᠬ᠎ᠠ ᠶᠢ ᠨᠢ ᠥᠩᠭᠡ ᠥᠩᠭᠡ ᠶᠢᠨ ᠪᠦᠰ ᠢᠶᠠᠷ ᠠᠯᠠᠭᠯᠠᠭᠤᠯᠤᠨ ᠡᠮᠵᠢᠶᠡᠷᠢᠯᠡᠵᠤ ᠬᠢᠳᠡᠭ ᠪᠦᠭᠡᠳ ᠲᠤᠬᠤᠮ ᠳᠤ ᠪᠠᠰᠠ ᠨᠢᠮᠭᠡᠨ ᠢᠰᠡᠭᠡᠢ ᠪᠠᠷ ᠥᠩᠭᠡᠪᠴᠢ ᠬᠢᠳᠡᠭ ᠶᠤᠮ᠃ ᠡᠮᠡᠭᠡᠯ ᠤᠨ ᠳᠥᠷᠥᠭᠡᠨ ᠰᠤᠷ ᠪᠤᠯ ᠶᠡᠬᠡᠬᠡᠨ ᠬᠦᠴᠦ ᠬᠡᠷᠡᠭᠯᠡᠬᠦ ᠲᠤᠯᠠ ᠲᠤᠰᠬᠠᠶᠢᠯᠠᠨ ᠦᠭᠡᠷ ᠤᠨ ᠰᠢᠷᠢ ᠪᠠᠷ ᠳᠠᠪᠬᠤᠷᠯᠠᠵᠤ ᠬᠢᠳᠡᠭ᠃ ᠶᠠᠪᠤᠳᠠᠯ ᠳᠤᠮᠳᠠ ᠳᠥᠷᠦᠭᠡᠨ ᠰᠤᠷ ᠳᠠᠰᠤᠷᠠᠪᠠᠯ ᠡ᠊ᠨᠳᠡᠯ ᠭᠠᠷᠬᠤ ᠠᠶᠤᠯᠲᠠᠢ ᠲᠤᠯᠠ ᠪᠦᠬᠡᠯᠢᠭ ᠪᠠᠶᠢᠬᠤ ᠶᠢ ᠠᠩᠬᠠᠷᠳᠠᠭ᠃ ᠡᠮᠡᠭᠡᠯ ᠳᠤ ᠣᠯᠣᠩ᠂ ᠵᠢᠷᠢᠮ ᠢᠶᠠᠨ ᠤᠶᠠᠳᠠᠭ ᠳᠥᠷᠪᠡᠨ ᠤᠭᠴᠤᠷᠭ᠎ᠠ ᠭᠡᠵᠤ ᠪᠠᠶᠢᠳᠠᠭ᠃ ᠳᠡᠭᠡᠷ᠎ᠡ ᠬᠡᠯᠡᠭᠰᠡᠨ ᠪᠦᠬᠦᠨ ᠪᠦᠷᠢᠳᠬᠦ ᠦᠭᠡᠢ ᠪᠤᠯ ᠪᠦᠷᠢᠨ ᠪᠦᠲᠦᠨ ᠡᠮᠡᠭᠡᠯ ᠪᠤᠯᠵᠤ ᠳᠡᠶᠢᠯᠬᠦ ᠦᠭᠡᠢ᠂ ᠡᠮᠡᠭᠡᠯ ᠤᠨ ᠮᠣᠳᠣ ᠶᠢ ᠪᠤᠯ ᠤᠯᠠᠭᠠᠨ ᠶᠠᠭᠠᠨ ᠬᠦᠷᠡᠩ ᠥᠩᠭᠡ ᠶᠢᠨ ᠪᠤᠳᠤᠭ ᠢᠶᠠᠷ ᠪᠤᠳᠤᠵᠤ᠂ ᠪᠦᠭᠦᠷᠭᠡᠨ ᠤ ᠬᠤᠩᠭᠤ ᠶᠢ ᠨᠤᠭᠤᠭᠠᠨ ᠪᠤᠳᠤᠭ ᠢᠶᠠᠷ ᠪᠤᠳᠤᠳᠠᠭ ᠶᠤᠮ᠃ ᠡᠮᠡᠭᠡᠯ ᠰᠠᠶᠢᠬᠠᠨ ᠪᠤᠯ ᠮᠤᠷᠢᠨ ᠤ ᠴᠢᠮᠡᠭ ᠪᠤᠯᠳᠠᠭ ᠶᠤᠮ᠃ 

马鞍1.png

马鞍3.png

 

马鞍4.png

马鞍5.jpg

  

ᠢᠷᠡᠯᠲᠡ᠄ ᠤᠷᠳᠤᠰ ᠤᠨ ᠡᠳᠦᠷ ᠤᠨ ᠰᠤᠨᠢᠨ