ᠠᠶᠢᠯ ᠰᠠᠭᠠᠬᠠᠯᠲᠠ ᠳᠤ ᠪᠠᠨ ᠲᠤᠰᠠ ᠲᠠᠢ ᠪᠠᠶᠠᠵᠢᠯ ᠤᠨ ᠳᠠᠭᠠᠭᠤᠯᠤᠭᠴᠢ ᠳᠤᠭᠤᠷ ᠤᠨ ᠬᠢᠨ
ᠨᠡᠶᠢᠲᠡᠯᠡᠭᠰᠡᠨ ᠴᠠᠭ᠄
2024/3/28
      ᠤᠷᠠᠳ ᠤᠨ ᠡᠮᠦᠨᠡᠲᠦ ᠬᠤᠰᠢᠭᠤᠨ ᠤ ᠪᠠᠶᠠᠬᠤᠸᠠ ᠪᠠᠯᠭᠠᠰᠤ ᠶᠢᠨ ᠠᠭᠤᠢ ᠶᠢᠨ ᠭᠤᠣᠯ ᠭᠠᠴᠠᠭᠠᠨ ᠥᠭᠭᠢᠶᠡᠮᠦᠷᠴᠢ ᠲᠤᠰᠠᠷᠬᠠᠭ ᠰᠡᠳᠬᠢᠯ ᠢᠶᠠᠷ  ᠢᠶᠠᠨ ᠣᠶᠢᠷ᠎ᠠ ᠲᠥᠰᠦᠷ ᠲᠤ ᠪᠠᠨ ᠬᠦᠷᠢᠶᠡᠯᠡᠭᠳᠡᠭᠰᠡᠨ ᠨᠢᠭᠡᠨ ᠭᠡᠷ ᠪᠦᠯᠢ ᠪᠠᠶᠢᠳᠠᠭ᠂ ᠨᠥᠬᠦᠷ ᠢ ᠨᠢ ᠪᠡᠢ ᠪᠥᠭᠡ᠂  ᠭᠡᠷᠭᠡᠢ ᠶᠢ ᠨᠢ ᠳᠤᠭᠤᠷ ᠭᠡᠳᠡᠭ᠂  ᠡᠳᠡᠨᠡᠶᠢᠬᠢᠨ 2 ᠬᠡᠦᠬᠡᠳ ᠲᠠᠢ ᠪᠢᠯᠡ᠃

陶拉11.webp.jpg

陶拉33.webp.jpg

      ᠳᠤᠭᠤᠷ ᠡᠷ᠎ᠡ ᠨᠥᠬᠦᠷ ᠲᠠᠢ ᠪᠠᠨ ᠬᠤᠶᠠᠭᠤᠯᠠ 2000 ᠭᠠᠷᠤᠢ ᠢᠮᠠᠭ᠎ᠠ ᠲᠡᠵᠢᠭᠡᠵᠦ᠂ 68 ᠠᠲᠤᠭᠤ ᠲᠠᠢ  ᠪᠠᠶᠠᠨ ᠲᠠᠩᠰᠤᠭ ᠠᠮᠢᠳᠤᠷᠠᠯ ᠲᠠᠢ

ᠶᠠᠪᠤᠨ᠎ᠠ᠃ ᠲᠡᠳᠡ ᠬᠤᠶᠠᠭᠤᠯᠠ ᠬᠡᠦᠬᠡᠳ ᠢᠶᠠᠨ ᠪᠠᠭ᠎ᠠ ᠠᠴᠠ ᠨᠢ  ᠦᠭᠭᠢᠶᠡᠮᠦᠷᠴᠢ  ᠰᠠᠶᠢᠬᠠᠨ ᠰᠡᠳᠬᠢᠯ ᠲᠠᠢ ᠶᠠᠪᠤᠬᠤ ᠶᠢ ᠰᠤᠷᠭᠠᠵᠤ᠂ ᠥᠪᠡᠷ ᠢᠶᠠᠨ

ᠴᠦ ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠣᠯᠭᠠᠳᠠᠭ᠃ ᠣᠶᠢᠷ᠎ᠠ ᠶᠢᠨ ᠡᠳᠦᠷ ᠂ ᠳᠤᠭᠤᠷ ᠣᠶᠢᠷ᠎ᠠ ᠵᠡᠷᠭᠡᠯᠡᠳᠡᠭᠡ ᠠᠶᠢᠯ ᠦ᠋ ᠹᠧᠩ ᠬᠤᠸᠠᠩ ᠤᠨ

ᠭᠡᠷ ᠲᠤ ᠢᠷᠠᠵᠤ ᠲᠡᠭᠦᠨ ᠢ ᠪᠣᠯᠭᠤᠭᠠᠵᠤ ᠦᠵᠡᠪᠡ᠃ ᠲᠡᠳᠡᠨ ᠤ ᠠᠮᠢᠳᠤᠷᠠᠯ ᠨᠢ ᠬᠦᠴᠢᠷᠳᠡᠯᠲᠡᠢ ᠪᠠᠶᠢᠵᠤ᠂ ᠰᠦᠯᠢᠶᠤᠤ ᠪᠦᠷᠭᠦᠪᠴᠢ ᠠᠪᠬᠤ ᠵᠤᠭᠤᠰ

ᠦᠭᠡᠢ ᠭᠠᠴᠢᠭᠳᠠᠵᠤ ᠪᠠᠶᠢᠬᠤ ᠳᠤ ᠲᠤᠭᠤᠷ ᠬᠤᠳᠠᠯᠳᠤᠨ ᠠᠪᠴᠤ ᠥᠭᠭᠦᠨ᠂ ᠪᠠᠰᠠ ᠲᠡᠳᠡᠨ ᠳᠤ  ᠲᠤᠰᠤᠯᠭᠠᠨ ᠤᠰᠤᠯᠠᠬᠤ ᠭᠤᠣᠷᠰᠤ ᠶᠢ ᠨᠢ ᠴᠤ

ᠠᠪᠴᠤ ᠥᠭᠪᠡ᠂ ᠲᠡᠳᠡᠨ ᠤ ᠭᠡᠷ ᠤᠨ ᠵᠠᠰᠠᠯ  ᠴᠢᠮᠡᠭᠯᠡᠯ ᠤᠨ ᠮᠠᠲ᠋ᠧᠷᠢᠶᠠᠯ ᠢ ᠴᠤ ᠲᠡᠷᠡ ᠬᠦᠦ ᠪᠠᠷ ᠢᠶᠠᠨ ᠬᠦᠷᠭᠡᠭᠦᠯᠦᠭᠰᠡᠨ ᠪᠠᠶᠢᠳᠠᠭ᠃ ᠳᠤᠭᠤᠷ ᠤᠨ

ᠨᠢᠭᠡ ᠭᠡᠷ ᠤᠨ ᠬᠢᠨ ᠤ ᠲᠡᠮᠵᠢᠯᠭᠡ ᠳᠣᠣᠷ᠎ᠠ᠂ ᠦ᠋ ᠹᠧᠩ ᠬᠤᠸᠠᠩ ᠤᠨ ᠠᠮᠢᠳᠤᠷᠠᠯ ᠠᠭᠠᠵᠢᠮ ᠢᠶᠠᠷ ᠰᠠᠶᠢᠵᠢᠷᠠᠵᠤ᠂ ᠲᠡᠷᠡ ᠄《 ᠲᠤᠭᠤᠷ ᠤᠨ ᠨᠢᠭᠡ ᠭᠡᠷ

 ᠤᠨ ᠬᠢᠨ ᠤ ᠲᠡᠮᠵᠢᠯᠭᠡ ᠪᠠᠶᠢᠭᠰᠠᠨ ᠦᠭᠡᠢ ᠪᠣᠯ ᠪᠢᠳᠠᠨ ᠤ ᠣᠳᠣ ᠶᠢᠨ ᠰᠠᠶᠢᠨ ᠠᠮᠢᠳᠤᠷᠠᠯ ᠪᠠᠶᠢᠵᠤ ᠴᠢᠳᠠᠬᠤ ᠦᠭᠡᠢ᠂ ᠲᠡᠷᠡ ᠪᠢᠳᠡᠨ ᠳᠤ ᠡᠳ᠋ ᠪᠣᠳᠠᠰ

 ᠤᠨ ᠲᠡᠮᠵᠢᠯᠭᠡ ᠦᠵᠡᠭᠦᠯᠬᠦ ᠠᠴᠠ ᠭᠠᠳᠠᠭ᠎ᠠ ᠣᠶᠣᠨ ᠰᠠᠨᠠᠭᠠᠨ ᠤ ᠲᠠᠯ᠎ᠠ ᠶᠢᠨ ᠵᠣᠷᠢᠭᠵᠢᠭᠤᠯᠤᠯ ᠴᠤ ᠣᠯᠭᠤᠳᠠᠭ 》 ᠭᠡᠵᠦ ᠰᠡᠳᠬᠢᠯ ᠬᠥᠳᠡᠯᠦᠨ

ᠶᠠᠷᠢᠨ᠎ᠠ᠃

      2015 ᠣᠨ ᠳᠤ᠂  ᠾᠧ ᠶᠤᠸᠡᠢ ᠨᠢᠦᠢ ᠶᠢᠨ ᠬᠦᠦ ᠨᠢ ᠮᠠᠶᠢᠢᠮᠠᠢ ᠬᠢᠭᠡᠳ 80 ᠭᠠᠷᠤᠢ ᠲᠦᠮᠡᠨ ᠲᠥᠭᠦᠷᠢᠭ ᠥᠷᠢᠲᠦᠭᠡᠳ ᠂ ᠠᠮᠢᠳᠤᠷᠠᠯ ᠨᠢ

ᠤᠯᠠᠮ ᠬᠦᠴᠢᠷᠲᠡᠢ ᠪᠣᠯᠪᠠ᠃ ᠳᠤᠭᠤᠷ ᠮᠡᠳᠡᠭᠰᠡᠨ ᠤ ᠬᠤᠶᠢᠨ᠎ᠠ᠂ ᠴᠢᠯᠦᠭᠡ ᠵᠠᠪ ᠭᠠᠷᠪᠠᠯ ᠲᠡᠳᠠᠨ ᠤ ᠬᠢ ᠶᠢ ᠡᠷᠭᠢᠨ ᠦᠵᠡᠵᠦ ᠂ ᠣᠯᠠᠨ ᠵᠢᠯ ᠤᠨ

ᠲᠤᠷᠰᠢ᠂ ᠲᠤᠭᠤᠷ ᠵᠣᠭᠤᠰ ᠭᠠᠷᠭᠠᠨ ᠲᠠᠳᠡᠨ ᠢ ᠬᠠᠪᠰᠤᠷᠤᠨ ᠰᠢᠨ᠎ᠡ ᠭᠡᠷ ᠪᠠᠷᠢᠵᠤ ᠥᠭᠭᠦᠨ᠂ ᠾᠧ ᠶᠤᠸᠡᠢ ᠨᠢᠦᠢ ᠪᠣᠯᠣᠨ ᠭᠡᠷ ᠤᠨ ᠬᠥᠮᠥᠰ ᠲᠤᠨᠢ

ᠰᠢᠨ᠎ᠡ ᠬᠤᠪᠴᠠᠰᠤ᠂ ᠰᠢᠨ᠎ᠡ ᠬᠥᠨᠵᠢᠯᠡ ᠳᠡᠪᠢᠰᠬᠡᠷ᠂ ᠢᠳᠡᠬᠦ ᠤᠤᠭᠤᠬᠤ ᠶᠠᠭᠤᠮ᠎ᠠ ᠠᠪᠴᠤ ᠥᠭᠲᠡᠭ ᠪᠠᠶᠢᠨ᠎ᠠ᠃

      ᠡᠨᠡ ᠬᠡᠳᠦᠨ ᠵᠢᠯ᠂ ᠳᠤᠭᠤᠷ ᠥᠪᠡᠷ ᠤᠨ ᠰᠦᠢᠳᠬᠡᠯ ᠢᠶᠠᠷ ᠢᠶᠠᠨ ᠲᠡᠷᠢᠭᠦᠨ ᠤ  ᠲᠡᠵᠢᠭᠡᠨ ᠦᠷᠡᠵᠢᠭᠦᠯᠬᠦ ᠪᠣᠯᠣᠨ ᠪᠣᠷᠳᠤᠬᠤ ᠠᠷᠭ᠎ᠠ ᠮᠠᠶ᠋ᠢᠭ ᠢ

ᠰᠤᠷᠤᠯᠴᠠᠨ᠂ ᠮᠠᠯᠴᠢᠨ ᠲᠠᠷᠢᠶᠠᠴᠢᠳ ᠲᠤ ᠲᠡᠵᠢᠬᠡᠨ ᠦᠷᠡᠵᠢᠭᠦᠯᠬᠦ ᠠᠷᠭ᠎ᠠ ᠲᠤᠷᠰᠢᠯᠭ᠎ᠠ ᠪᠠᠨ ᠣᠯᠠᠮᠵᠢᠯᠠᠭᠰᠠᠨ ᠪᠠᠶᠢᠨ᠎ᠠ᠃ ᠮᠠᠯ  ᠮᠠᠯᠵᠢᠬᠤ ᠶᠢ

ᠴᠠᠭᠠᠵᠠᠯᠠᠬᠤ ᠲᠥᠷᠥ ᠶᠢᠨ ᠪᠣᠳᠣᠯᠭ᠎ᠠ ᠭᠠᠷᠤᠭᠰᠠᠨ ᠤ ᠬᠤᠶᠢᠨ᠎ᠠ᠂ ᠲᠡᠳᠡ ᠠᠵᠤ ᠠᠬᠤᠶᠢᠯᠠᠯᠲᠠᠨ ᠲᠠᠢ ᠬᠠᠮᠲᠤ ᠪᠠᠯᠡ ᠣᠷᠣᠭᠤᠯᠤᠨ᠂ ᠥᠨᠳᠥᠷ

ᠪᠠᠷᠢᠮᠵᠢᠶᠠᠲᠤ ᠲᠤᠭᠤᠰᠬ᠎ᠠ ᠪᠣᠯᠣᠳ ᠤᠨ ᠪᠦᠳᠦᠴᠡᠲᠦ ᠨᠡᠷᠡᠨ ᠤ ᠭᠡᠷᠡᠯ ᠢᠶᠠᠷ ᠳᠤᠯᠠᠭᠠᠯᠠᠬᠤ ᠬᠥᠯᠡᠮᠵᠢ ᠶᠢᠨ ᠵᠢᠱᠢᠶ᠎ᠡ ᠦᠵᠡᠭᠦᠯᠬᠦ ᠲᠣᠭᠤᠷᠢᠭ ᠢ ᠪᠠᠶᠢᠭᠤᠯᠵᠤ

᠂  ᠮᠠᠯᠵᠢᠬᠤ ᠣᠷᠣᠨ ᠤ ᠠᠵᠤ ᠦᠢᠯᠡᠰ ᠤᠨ ᠳᠠᠭᠠᠭᠤᠯᠤᠭᠴᠢ ᠪᠣᠯᠣᠨ ᠰᠤᠷᠠᠭ ᠵᠠᠩᠭᠢ ᠶᠢᠨ ᠵᠠᠭᠤᠴᠢ ᠬᠥᠮᠥᠨ ᠪᠣᠯᠤᠭᠰᠠᠨ ᠪᠠᠶᠢᠨ᠎ᠠ᠃ ᠲᠡᠷᠡ ᠮᠠᠯᠴᠢᠳ

 ᠲᠤ ᠠᠷᠭ᠎ᠠ ᠤᠬᠠᠭᠠᠨ ᠭᠠᠷᠭᠠᠵᠤ ᠥᠭᠭᠦᠨ᠂ ᠪᠡᠯᠠ ᠮᠥᠩᠭᠦ ᠶᠢ ᠨᠢ ᠣᠷᠣᠯᠠᠨ ᠥᠭᠴᠦ᠂ ᠲᠡᠵᠢᠭᠡᠨ ᠦᠷᠡᠵᠢᠭᠦᠯᠬᠦ ᠪᠣᠯᠣᠨ ᠰᠢᠯᠢᠳᠡᠭ ᠡᠪᠡᠰᠦ ᠪᠡᠯᠴᠢᠭᠡᠷ

ᠲᠠᠷᠢᠬᠤ ᠶᠢ ᠬᠥᠭᠵᠢᠭᠦᠯᠦᠭᠰᠡᠨ ᠪᠠᠶᠢᠨ᠎ᠠ᠃

      2008 ᠣᠨ ᠠᠴᠠ ᠨᠠᠭᠠᠰᠢ᠂ ᠳᠤᠭᠤᠷ ᠤᠨ ᠨᠢᠭᠡ ᠭᠡᠷ ᠤᠨ ᠬᠢᠨ ᠲᠡᠳᠡᠨ ᠤ ᠣᠶᠢᠷ᠎ᠠ ᠬᠠᠪᠢ ᠶᠢᠨ ᠨᠢᠭᠡ ᠪᠠᠭ᠎ᠠ ᠬᠡᠯᠪᠡᠷᠢ ᠶᠢᠨ ᠲᠡᠵᠢᠬᠡᠨ

ᠦᠷᠡᠵᠢᠭᠦᠯᠬᠦ ᠡᠷᠦᠭᠡ ᠳᠤ 20 ᠲᠦᠮᠡᠨ ᠲᠥᠭᠦᠷᠢᠭ ᠤᠨ ᠪᠡᠯᠠ ᠮᠥᠩᠭᠦ ᠶᠢ ᠣᠷᠣᠯᠠᠨ ᠥᠭᠴᠦ᠂ ᠡᠭᠦᠯᠳᠡᠷ ᠤᠨ ᠮᠠᠯ ᠬᠤᠳᠠᠯᠳᠤᠨ ᠠᠪᠬᠤ ᠳᠤᠨᠢ

ᠲᠥᠬᠦᠮ ᠦᠵᠡᠭᠦᠯᠪᠡ᠃ ᠨᠡᠮᠤᠷ᠎ᠡ᠂ ᠠᠳᠢᠶ᠎ᠠ ᠵᠡᠷᠭᠡ ᠲᠡᠵᠢᠭᠡᠨ ᠦᠷᠡᠵᠢᠭᠦᠯᠬᠦ ᠡᠷᠦᠭᠡ ᠳᠤ 8 ᠡᠭᠦᠯᠳᠡᠷ ᠤᠨ ᠮᠠᠯ  ᠪᠡᠯᠡᠭᠯᠡᠵᠦ᠂ ᠰᠢᠭᠡᠰᠦᠨ ᠤ ᠬᠤᠣᠷᠳᠠᠯ

 ᠤᠨ ᠡᠪᠡᠳᠴᠢᠨ ᠳᠤ ᠨᠡᠷᠪᠡᠭᠳᠡᠭᠰᠡᠨ ᠬᠡᠦᠬᠡᠳ ᠲᠤ 10000 ᠭᠠᠷᠤᠢ ᠲᠥᠭᠦᠷᠢᠭ  ᠬᠠᠨᠳᠢᠪᠯᠠᠭᠰᠠᠨ ᠪᠠᠶᠢᠨ᠎ᠠ᠃ ᠤᠷᠢᠳ ᠬᠤᠵᠢᠳ ᠲᠣᠰ ᠭᠠᠵᠠᠭᠠᠨ ᠤ

21 ᠬᠡᠦᠬᠡᠳ ᠢ ᠶᠡᠭᠡ ᠰᠤᠷᠭᠠᠭᠤᠯᠢ ᠳᠤ ᠰᠤᠷᠤᠯᠴᠠᠬᠤ ᠳᠤ ᠲᠤᠰᠠᠯᠠᠨ ᠳᠠᠮᠵᠢᠵᠤ᠂ ᠲᠡᠳᠡᠨ ᠤ  ᠲᠣᠰᠬᠤᠨ ᠤ 3《  ᠲᠠᠪᠤᠨ ᠪᠠᠲᠤᠯᠠᠭᠠᠲᠤ ᠡᠷᠦᠭᠡ︾

ᠪᠣᠯᠣᠨ 4 ᠶᠡᠮᠳᠡᠭ ᠬᠥᠮᠥᠰ ᠲᠤ ᠵᠢᠯ ᠴᠠᠭᠠᠨ ᠰᠠᠷ᠎ᠠ ᠪᠣᠯᠪᠠᠯ ᠂ ᠢᠳᠡᠬᠦ ᠤᠤᠭᠤᠬᠤ ᠶᠠᠭᠤᠮ᠎ᠠ ᠠᠪᠴᠤ ᠥᠭᠴᠦ᠂ ᠥᠪᠡᠷ ᠤᠨ ᠳᠤᠷ᠎ᠠ ᠠᠴᠠ ᠪᠠᠨ ᠲᠣᠰ

ᠭᠠᠴᠠᠭᠠᠨ ᠤ 60 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠢ ᠪᠣᠯᠭᠤᠭᠠᠨ ᠦᠵᠡᠵᠦ᠂ ᠡᠳ᠋ ᠪᠤᠳᠠᠰ ᠪᠣᠯᠣᠨ ᠠᠵᠤ ᠠᠬᠤᠢ ᠶᠢᠨ ᠲᠠᠯ᠎ᠠ ᠪᠠᠷ ᠲᠡᠮᠵᠢᠯᠭᠡ

ᠦᠵᠡᠭᠦᠯᠦᠭᠰᠡᠭᠡᠷ ᠢᠷᠡᠪᠡ ᠂᠂᠂᠂

陶拉22.webp.jpg

    《 ᠣᠯᠠᠨ ᠳᠤ ᠪᠠᠭ᠎ᠠ ᠰᠠᠭ᠎ᠠ ᠶᠠᠪᠤᠳᠠᠯ ᠬᠢᠵᠦ ᠥᠭᠬᠦ ᠨᠢ ᠨᠠᠳᠠ ᠳᠤ ᠲᠣᠩ ᠪᠠᠶᠠᠷ ᠵᠢᠷᠭᠠᠯ ᠲᠠᠢ ᠰᠠᠨᠠᠭᠳᠠᠳᠠᠭ 》᠂ 《 ᠨᠢᠭᠡ ᠬᠥᠮᠥᠨ 

ᠪᠠᠶᠠᠵᠢᠪᠠᠯ  ᠪᠠᠶᠠᠵᠢᠬᠤ ᠳᠤ ᠲᠣᠭᠠᠴᠠᠭᠳᠠᠬᠤ ᠦᠭᠡᠢ᠂ ᠤᠯᠠᠨ ᠢᠶᠠᠷ ᠢᠶᠠᠨ  ᠪᠠᠶᠠᠵᠢᠪᠠᠯ ᠰᠠᠶ᠋ᠢ ᠪᠠᠶᠠᠵᠢᠬᠰᠠᠨ ᠳᠤ ᠲᠣᠭᠠᠴᠠᠭᠳᠠᠨ᠎ᠠ 》 ᠂《 ᠪᠢ

ᠬᠠᠷᠢᠭᠤ ᠬᠦᠰᠡᠬᠦ ᠦᠭᠡᠢ᠂ ᠥᠪᠡᠷ ᠤᠨ ᠬᠢᠪᠡᠰᠦ ᠵᠣᠬᠢᠬᠤ ᠶᠠᠪᠤᠳᠠᠯ ᠢᠶᠠᠨ ᠬᠢᠵᠦ ᠪᠠᠶᠢᠬᠤ ᠳᠠᠳᠦᠢ︾ ᠂᠂᠂᠂ ᠡᠨᠡ ᠪᠣᠯ ᠳᠤᠭᠤᠷ ᠤᠨ ᠦᠷᠭᠦᠯᠵᠢ

ᠬᠡᠯᠡᠳᠡᠭ ᠦᠭᠡ᠂ ᠮᠥᠨᠴᠦ ᠲᠡᠭᠦᠨ ᠤ ᠦᠢᠯᠠ ᠠᠵᠢᠯᠯᠠᠭ᠎ᠠ ᠶᠢᠨ ᠬᠢᠨᠢ ᠵᠥᠭᠯᠡᠭᠦᠷ ᠪᠣᠯᠣᠨ᠎ᠠ᠃

      2017 ᠣᠨ ᠤ 3ᠰᠠᠷ᠎ᠠ ᠳᠤ᠂ ᠪᠠᠶᠠᠨᠨᠠᠭᠤᠷ ᠬᠤᠲᠠ ᠶᠢᠨ ᠡᠮᠡᠭᠲᠡᠶᠢᠴᠤᠳ ᠤᠨ ᠬᠤᠯᠪᠣᠭᠠᠨ ᠠᠴᠠ ᠳᠤᠭᠤᠷ ᠤᠨ ᠭᠡᠷ ᠪᠦᠯᠢ ᠶᠢᠨ ᠬᠢᠨ ᠳᠤ

ᠬᠤᠲᠠ ᠶᠢᠨ《 ᠪᠣᠯᠪᠠᠰᠤᠨ ᠭᠡᠷ ᠪᠦᠯᠢ 》 ᠶᠢᠨ ᠢᠷᠠᠭᠤ ᠠᠯᠳᠠᠷ ᠢ ᠣᠯᠭᠤᠪᠠ᠃ 2019 ᠣᠨ ᠤ 5 ᠰᠠᠷ᠎ᠠ ᠳᠤ᠂ ᠪᠥᠬᠦ ᠤᠯᠤᠰ ᠤᠨ

ᠡᠮᠡᠭᠲᠡᠶᠢᠴᠤᠳ ᠤᠨ ᠬᠤᠯᠪᠣᠭᠠᠨ ᠠᠴᠠ ᠳᠤᠭᠤᠷ ᠤᠨ ᠭᠡᠷ ᠪᠦᠯᠢ ᠶᠢᠨ ᠬᠢᠨ ᠳᠤ ᠪᠥᠬᠦ ᠤᠯᠤᠰ ᠤᠨ 《 ᠬᠠᠮᠤᠭ ᠤᠨ ᠭᠤᠶᠤ ᠭᠡᠷ ᠪᠦᠯᠢ 》 ᠶᠢᠨ

ᠢᠷᠠᠭᠤ ᠠᠯᠳᠠᠷ ᠢ ᠣᠯᠭᠤᠭᠰᠠᠨ ᠪᠠᠶᠢᠨ᠎ᠠ᠃

ᠢᠷᠡᠯᠲᠡ᠄ ᠪᠠᠶᠠᠨ ᠨᠠᠭᠤᠷ ᠤᠨ ᠰᠣᠨᠢᠨ