ᠮᠠᠨ ᠤ ᠤᠷᠤᠨ ᠤ ᠰᠢᠨ᠎ᠡ ᠵᠢᠯ ᠴᠠᠭᠠᠨ ᠰᠠᠷ᠎ᠠ ᠶᠢᠨ ᠳᠤᠬᠯᠠᠯᠳᠠ ᠦᠨᠳᠦᠰᠦᠨ ᠱᠠᠳᠤᠨ ᠤ 400 ᠲᠦᠮᠡᠨ ᠬᠥᠮᠥᠨ ᠳᠤ ᠠᠰᠢᠭ ᠬᠦᠷᠲᠡᠭᠡᠪᠡ
ᠨᠡᠶᠢᠲᠡᠯᠡᠭᠰᠡᠨ ᠴᠠᠭ᠄
2024/3/27
    ᠡᠨᠡ ᠵᠢᠯ ᠤᠨ ᠡᠬᠢ ᠪᠠᠷ ᠦᠪᠡᠷᠳᠡᠭᠡᠨ ᠵᠠᠰᠠᠬᠤ ᠤᠷᠤᠨ ᠠᠴᠠ ᠡᠯ᠎ᠡ ᠱᠠᠲᠤᠨ ᠤ ᠤᠳᠬ᠎ᠠ ᠤᠷᠠᠯᠢᠭ ᠤᠨ ᠬᠦᠷᠢᠶᠡᠯᠡᠩ ᠪᠦᠯᠬᠦᠮ ᠪᠠ ᠤᠯᠠᠭᠠᠨᠮᠥ᠋ᠴᠢᠷ ᠢ ᠵᠣᠬᠢᠶᠠᠨ ᠪᠠᠶᠢᠭᠤᠯᠤᠨ ᠦᠨᠳᠦᠰᠦᠨ ᠱᠠᠲᠤᠨ ᠤ ᠲᠣᠭᠯᠠᠯᠲᠠ ᠢᠢᠨ ᠦᠢᠯᠡᠴᠢᠯᠡᠭᠡ ᠥᠷᠨᠢᠭᠦᠯᠵᠦ᠂ ᠳᠠᠭᠤᠤ ᠬᠥᠭᠵᠢᠮ ᠤᠨ ᠴᠤᠭᠯᠠᠭᠠᠨ᠂ ᠲᠣᠭᠯᠠᠯᠲᠠ᠂ ᠲᠢᠶᠠᠳ᠋ᠷ ᠤᠨ ᠲᠣᠭᠯᠠᠯᠲᠠ᠂ ᠮᠠᠯᠴᠢᠨ ᠲᠠᠷᠢᠶᠠᠴᠢᠨ ᠤ ᠰᠦᠯᠵᠢᠶᠡᠨ ᠤ ᠴᠠᠭᠠᠨ ᠰᠠᠷ᠎ᠠ ᠢᠢᠨ ᠦᠳᠡᠰᠢᠯᠡᠭᠡ᠂ ᠤᠳᠬ᠎ᠠ ᠤᠷᠠᠯᠢᠭ ᠤᠨ ᠪᠦᠲᠦᠭᠡᠯ ᠢ ᠰᠦᠯᠵᠢᠶᠡᠨ ᠳᠡᠭᠡᠷ᠎ᠡ ᠪᠠ ᠠᠬᠤᠢ ᠳᠠᠯᠠᠪᠠᠢ ᠳᠤ ᠲᠣᠭᠯᠠᠬᠤ᠂ ᠦᠨᠳᠦᠰᠦᠨ ᠱᠠᠲᠤᠨ ᠳᠤ ᠪᠠᠭᠤᠵᠤ ᠲᠣᠭᠯᠠᠯᠲᠠ ᠭᠠᠷᠭᠠᠬᠤ᠂ ᠪᠣᠳᠠᠰ ᠤᠨ ᠪᠤᠰᠤ ᠰᠣᠶᠣᠯ ᠤᠨ ᠥᠪ ᠤᠨ ᠠᠷᠠᠳ ᠤᠨ ᠵᠠᠩ ᠦᠢᠯᠡ ᠶᠢ ᠳᠡᠯᠭᠡᠨ ᠦᠵᠡᠭᠦᠯᠬᠦ ᠵᠡᠷᠭᠡ ᠰᠦᠯᠵᠢᠶᠡᠨ ᠳᠡᠭᠡᠷᠡᠬᠢ ᠪᠠ ᠠᠬᠤᠢ ᠳᠠᠯᠠᠪᠠᠢ ᠢᠢᠨ ᠡᠯ᠎ᠡ ᠲᠥᠷᠥᠯ ᠤᠨ ᠭᠤᠣᠯ ᠰᠡᠳᠦᠪᠲᠦ ᠠᠵᠢᠯᠯᠠᠭ᠎ᠠ ᠶᠢ 1300 ᠭᠠᠷᠤᠢ ᠤᠳᠠᠭ᠎ᠠ ᠥᠷᠨᠢᠭᠦᠯᠵᠦ᠂ 400 ᠲᠦᠮᠡᠨ ᠬᠥᠮᠥᠨ ᠳᠤ ᠠᠰᠢᠭ ᠬᠦᠷᠲᠡᠭᠡᠪᠡ᠃   ᠥᠪᠥᠷ ᠮᠣᠩᠭᠤᠯ ᠤᠨ ᠤᠷᠠᠯᠢᠭ ᠵᠦᠴᠦᠭᠡ ᠢᠢᠨ ᠬᠦᠷᠢᠶᠡᠯᠡᠩ ᠲᠣᠭᠯᠠᠯᠲᠠ ᠺᠢᠨᠣ᠋ ᠰᠡᠯᠡᠭᠦᠴᠡᠯ ᠠᠮᠲᠠᠲᠤ ᠢᠳᠡᠭᠡᠨ ᠢ ᠤᠶᠠᠯᠳᠤᠭᠤᠯᠤᠭᠰᠠᠨ ᠴᠠᠭᠠᠨ ᠰᠠᠷ᠎ᠠ ᠢᠢᠨ ᠨᠠᠶᠢᠷ ᠡᠷᠭᠢᠯᠡᠵᠦ᠂ ᠪᠠᠶᠠᠷ ᠤᠨ ᠡᠳᠦᠷ ᠤᠨ ᠠᠭᠤᠷ ᠠᠮᠢᠰᠬᠤᠯ ᠢ ᠤᠯᠠᠮ ᠬᠦᠭᠵᠢᠶᠡᠨ ᠲᠠᠢ ᠪᠤᠯᠭᠠᠨ ᠠᠷᠠᠳ ᠤᠯᠠᠨ ᠤ ᠵᠢᠷᠭᠠᠯᠳᠦ ᠲᠦᠷᠦᠭᠳᠡᠯ ᠬᠦᠷᠳᠡᠮᠵᠢ ᠢᠢᠨ ᠲᠦᠷᠦᠭᠳᠡᠯ ᠢ ᠨᠡᠮᠡᠭᠳᠡᠬᠦᠯᠦᠭᠰᠡᠨ ᠪᠠᠶᠢᠨ᠎ᠠ᠃ ︽ᠤᠷᠢᠬᠠᠨ ᠬᠠᠪᠤᠷ ᠢ ᠤᠭᠲᠤᠬᠤ ᠤᠮᠠᠷᠠᠲᠤ ᠬᠢᠯᠢ  ᠶᠢᠨ ᠰᠢ ᠵᠦᠴᠦᠭᠡ ᠢᠢᠨ ᠠᠶᠠᠯᠠᠯ︾ ᠤᠨ ᠠᠵᠢᠯᠯᠠᠭ᠎ᠠ ᠲᠦᠷᠦᠬᠦᠬᠡᠨ ᠬᠥᠬᠡᠬᠤᠲᠠ ᠢᠢᠨ ᠣᠪᠣᠭ᠎ᠠ ᠲᠣᠰᠬᠤᠨ ᠳᠤ ᠬᠦᠷ ᠬᠦᠭᠵᠢᠶᠡᠨ ᠲᠠᠢ ᠶᠠᠪᠤᠭᠳᠠᠵᠦ᠂ ᠤᠷᠠᠨ ᠭᠤᠴᠤ ᠲᠤᠭᠯᠠᠯᠳᠠ ᠨᠢ ᠠᠬᠤᠢ ᠳᠠᠯᠠᠪᠠᠢ ᠢᠢᠨ ᠦᠵᠡᠭᠴᠢᠳ ᠢ ᠮᠠᠩᠨᠠᠢ ᠲᠡᠶᠢᠢᠯᠬᠡᠨ ᠪᠠᠶᠠᠰᠬᠠᠵᠦ᠂ ᠤᠯᠠᠮᠵᠢᠯᠠᠯᠳᠦ ᠰᠤᠶᠤᠯ ᠤᠨ ᠰᠠᠶᠢᠬᠠᠨ ᠢ ᠮᠡᠳᠡᠷᠡᠬᠦᠯᠦᠯ᠎ᠠ᠃ ᠡᠯ᠎ᠡ ᠭᠠᠵᠠᠷ ᠤᠨ ᠤᠯᠠᠭᠠᠨᠮᠥ᠋ᠴᠢᠷ ᠵᠡᠷᠭᠡ ᠤᠳᠬ᠎ᠠ ᠤᠷᠠᠯᠢᠭ ᠤᠨ ᠬᠦᠷᠢᠶᠡᠯᠡᠩ ᠪᠦᠯᠬᠦᠮ ᠤᠨ ᠬᠢᠨ ︽ᠡᠳᠦᠷ ᠪᠤᠯᠭᠠᠨ ᠨᠢᠭᠡ ᠳᠠᠭᠤᠤ︾᠂ ︽ᠡᠳᠦᠷ ᠪᠤᠯᠭᠠᠨ ᠨᠢᠭᠡ ᠪᠥᠵᠢᠭ︾᠂ ︽ᠡᠳᠦᠷ ᠪᠤᠯᠭᠠᠨ ᠨᠢᠭᠡ ᠵᠦᠴᠦᠭᠡ︾᠂ ︽ᠡᠳᠦᠷ ᠪᠤᠯᠭᠠᠨ ᠨᠢᠭᠡ ᠰᠢ︾ ᠵᠡᠷᠭᠡ ᠸᠢᠳᠢᠤ᠋ ᠨᠡᠶᠢᠳᠡᠯᠡᠵᠤ᠂ ᠰᠦᠯᠵᠢᠶᠡᠨ ᠳᠡᠭᠡᠷᠡᠬᠢ ᠤᠳᠬ᠎ᠠ ᠤᠷᠠᠯᠢᠭ ᠤᠨ ᠦᠢᠯᠡᠴᠢᠯᠡᠭᠡ ᠥᠷᠨᠢᠭᠦᠯᠵᠠᠢ᠃ ᠠᠯᠠᠱᠠ ᠶᠢᠨ ᠤᠯᠠᠭᠠᠨᠮᠥ᠋ᠴᠢᠷ ᠬᠢᠯᠢ  ᠶᠢᠨ ᠬᠠᠮᠠᠭᠠᠯᠠᠯᠲᠠ  ᠶᠢᠨ ᠴᠡᠷᠢᠭ ᠠᠩᠭᠢ᠂ ᠦᠢᠯᠡᠳᠪᠦᠷᠢ ᠠᠭᠤᠷᠬᠠᠢ ᠠᠵᠤ ᠠᠬᠤᠶᠢᠯᠠᠯ᠂ ᠰᠤᠮᠤ ᠰᠢᠶᠠᠩ ᠪᠠᠯᠭᠠᠰᠤ ᠨᠡᠶᠢᠭᠡᠮ ᠲᠣᠭᠤᠷᠢᠭ ᠵᠡᠷᠭᠡ ᠭᠠᠵᠠᠷ ᠲᠤ ᠭᠦᠨᠵᠡᠭᠡᠶᠢᠷᠡᠨ ᠤᠳᠬ᠎ᠠ ᠤᠷᠠᠯᠢᠭ ᠤᠨ ᠦᠢᠯᠡᠴᠢᠯᠡᠭᠡ ᠥᠷᠨᠢᠭᠦᠯᠵᠦ᠂ ᠬᠢᠩᠭᠠᠨ ᠠᠶᠢᠮᠠᠭ ︽ᠴᠠᠭᠠᠨ ᠰᠠᠷ᠎ᠠ  ᠶᠢᠨ ᠵᠠᠩ ᠦᠢᠯᠡ  ᠶᠢᠨ ᠭᠠᠯᠳᠦ ᠲᠡᠷᠭᠡ︾ ᠭᠠᠷᠭᠠᠨ ᠷᠠᠰᠢᠶᠠᠨ ᠬᠦᠷᠬᠦ ᠭᠠᠯᠲᠤ ᠲᠡᠷᠭᠡᠨ ᠳᠡᠭᠡᠷ᠎ᠡ ᠨᠤᠲᠤᠭ ᠪᠤᠴᠠᠬᠤ ᠬᠦᠮᠦᠰ ᠪᠤᠯᠤᠨ ᠭᠠᠳᠠᠷ ᠣᠷᠣᠨ ᠤ ᠵᠢᠭᠤᠯᠴᠢᠯᠠᠭᠰᠠᠳ ᠲᠤ ᠤᠷᠠᠨ ᠰᠠᠶᠢᠬᠠᠨ ᠤ ᠲᠣᠭᠯᠠᠯᠲᠠ ᠰᠤᠨᠢᠷᠬᠠᠭᠤᠯᠤᠭᠰᠠᠨ ᠪᠠᠶᠢᠨ᠎ᠠ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ