《 ᠤᠷᠠᠳ》 ᠭᠡᠳᠡᠭ ᠦᠭᠡ ᠶᠢᠨ ᠲᠣᠬᠠᠢ
ᠨᠡᠶᠢᠲᠡᠯᠡᠭᠰᠡᠨ ᠴᠠᠭ᠄
2024/3/25
      ᠲᠡᠦᠬᠡᠴᠢ ᠷᠢᠨᠴᠢᠨᠺᠡᠸᠠ ᠭᠤᠸᠠᠢ ᠲᠠᠶᠢᠯᠪᠤᠷᠢᠯᠠᠬᠤ ᠳᠠᠭᠠᠨ ᠄《 ᠤᠷᠠᠳ ︵ᠤᠷᠠᠨ ᠤ ᠣᠯᠠᠨ ᠲᠤᠭ᠎ᠠ ᠪᠤᠶᠤ ᠤᠷᠠᠳᠴᠤᠳ︶᠂ ᠮᠣᠩᠭᠤᠯ ᠤᠨ ᠡᠷᠲᠡᠨ ᠤ ᠲᠡᠦᠬᠡᠨ ᠲᠣᠯᠭᠤᠷ ᠪᠢᠴᠢᠭ ᠤᠳ ᠲᠤ ᠲᠡᠮᠳᠡᠭᠯᠡᠭᠰᠡᠨ ᠠᠴᠠ ᠦᠵᠡᠬᠦ ᠳᠤ᠂ ᠲᠣᠬᠠᠢ ᠶᠢᠨ ᠦᠶ᠎ᠡ ᠶᠢᠨ ᠨᠡᠭᠦᠳᠡᠯ ᠤᠨ ᠨᠡᠶᠢᠭᠡᠮᠯᠢᠭ ᠤᠨ ᠦᠢᠯᠡᠳᠪᠦᠷᠢᠯᠡᠯ ᠠᠮᠢᠳᠤᠷᠠᠯ  ᠤᠨ ᠪᠠ ᠪᠠᠲᠤᠯᠠᠨ ᠬᠠᠮᠠᠭᠠᠯᠠᠯᠲᠠ ᠶᠢᠨ ᠪᠠᠭᠠᠵᠢ ᠬᠡᠷᠡᠭᠰᠡᠯ᠂ ᠵᠠᠷ ᠵᠠᠪᠰᠡᠭ ᠤᠷᠠᠯᠠᠬᠤ ᠶᠠᠪᠤᠳᠠᠯ ᠪᠠᠷᠤᠭ ᠮᠣᠩᠭᠤᠯᠴᠣᠳ ᠤᠨ〈 ᠡᠷ᠎ᠡ ᠲᠣᠲᠤᠮ〉 ᠤᠨ ᠡᠭᠦᠷᠭᠡ ᠠᠭᠰᠠᠨ ᠠᠵᠢ᠃ ᠡᠨᠡ ᠲᠣᠬᠠᠢ〈 ᠨᠢᠭᠤᠴᠠ ᠲᠣᠪᠴᠢᠶᠠᠨ〉 ᠳᠤ〈᠂᠂᠂᠂ ᠲᠡᠮᠦᠵᠢᠨ ᠰᠤᠮᠤᠴᠢ ᠬᠢᠳᠤᠭᠠᠢ ︵ᠰᠤᠮᠤ ᠤᠷᠠᠯᠠᠬᠤ ᠬᠢᠲᠤᠭ᠎ᠠ ᠪᠣᠯᠤᠨ᠎ᠠ᠃ ᠡᠶᠢᠮᠤ ᠬᠢᠲᠤᠭ᠎ᠠ ᠶᠢ ᠣᠳᠣᠬᠢ ᠮᠣᠩᠭᠤᠯ ᠬᠡᠯᠡᠨ ᠳᠤ〈 ᠣᠨᠣᠪᠴᠢ〉 ᠭᠡᠨ᠎ᠡ᠃︶ ᠪᠠᠷ ᠢᠶᠠᠨ ᠮᠣᠳᠤᠨ ᠢ ᠣᠭᠲᠤᠯᠵᠤ ᠭᠠᠷᠭᠠᠪᠠ᠃〉᠂〈  ᠣᠷᠢᠶᠠᠩᠬᠠᠢ ᠬᠦᠮᠦᠨ ᠵᠠᠷᠴᠢᠭᠤᠲᠠᠢ ᠡᠪᠦᠭᠡᠨ ᠬᠦᠬᠡᠷᠭᠡ ︵ᠲᠡᠮᠦᠷᠯᠢᠭ ᠳᠠᠪᠲᠠᠬᠤ ᠳᠤ ᠬᠡᠷᠡᠭᠯᠡᠬᠦ ᠬᠦᠭᠡᠷᠭᠡ︶ ᠪᠠᠨ ᠡᠭᠦᠷᠴᠦ ᠵᠠᠯᠮ᠎ᠠ ᠨᠡᠷᠡᠲᠦ ᠬᠦᠪᠡᠭᠦᠨ ᠢᠶᠠᠨ ᠤᠳᠤᠷᠢᠳᠴᠦ ︵ᠳᠠᠭᠠᠭᠤᠯᠵᠤ ︶ ᠢᠷᠡᠪᠡ᠃〉᠂〈 ᠰᠦᠪᠡᠭᠡᠲᠡᠢ ᠳᠤᠷ ᠲᠡᠮᠦᠷ ᠲᠡᠷᠭᠡ ᠳᠡᠯᠡᠳᠴᠦ ︵ᠦᠢᠯᠡᠳᠴᠦ︶ ᠦᠭᠴᠦ ᠴᠠᠬᠤᠷᠠᠬᠤᠯᠪᠠᠢ ︵ᠠᠶᠠᠨ ᠳᠠᠶᠢᠨ ᠬᠢᠯᠭᠡᠪᠡ︶᠂᠂᠂᠂〉 ᠭᠡᠬᠦ ᠵᠡᠷᠭᠡ ᠪᠠᠷ ᠲᠡᠮᠳᠡᠭᠯᠡᠭᠰᠡᠨ ᠪᠠᠶᠢᠳᠠᠭ᠃     ᠰᠡᠭᠦᠯ ᠳᠡᠭᠡᠨ ᠮᠣᠩᠭᠤᠯ ᠤᠨ ᠨᠡᠶᠢᠭᠡᠮᠯᠢᠭ ᠤᠨ ᠠᠵᠢᠯ ᠬᠤᠪᠢᠶᠠᠷᠢᠯᠠᠯᠲᠠ ᠨᠠᠷᠢᠰᠬᠤ ᠶᠢᠨ ᠳᠠᠭᠠᠤ ᠭᠡᠷ  ᠲᠡᠷᠭᠡ᠂ ᠪᠡᠭᠠᠵᠢ ᠬᠡᠷᠡᠭᠰᠡᠯ᠂ ᠵᠠᠷ ᠵᠡᠪᠰᠡᠭ ᠤᠨ ᠭᠡᠬᠦ ᠮᠡᠳᠦ ᠶᠢᠨ ᠲᠤᠰᠬᠠᠢ ᠤᠷᠠᠳ ᠤᠨ ᠡᠩᠨᠡᠭᠡ ᠪᠦᠷᠢᠯᠳᠦᠭᠰᠡᠨ ᠪᠠᠶᠢᠨ᠎ᠠ᠃     1206 ᠣᠨ ᠤ ᠶᠡᠭᠡ ᠮᠣᠩᠭᠤᠯ ᠤᠯᠤᠰ ᠪᠠᠶᠢᠭᠤᠯᠤᠭᠳᠠᠭᠰᠠᠨ ᠤ ᠳᠠᠷᠠᠭ᠎ᠠ ᠬᠠᠷ᠎ᠠ ᠬᠤᠷᠤᠮ ᠵᠡᠷᠭᠡ ᠭᠠᠵᠠᠷ᠂ ᠤᠷᠠᠳ ᠤᠨ ᠲᠤᠰᠬᠠᠢ ᠪᠠᠶᠢᠭᠤᠯᠤᠮᠵᠢ ᠵᠣᠬᠢᠶᠠᠨ᠂ ᠠᠷᠠᠪ ᠠᠴᠠ ᠮᠡᠷᠭᠡᠵᠢᠯᠲᠡᠨ ᠪᠠᠭᠰᠢ ᠤᠷᠢᠵᠤ ᠠᠪᠴᠢᠷᠠᠨ ᠣᠨᠢᠰᠤᠨ ᠬᠦᠷᠲᠦ ︵ᠪᠠᠬᠢᠨᠯᠯᠲᠡ᠂ ᠵᠢᠭᠰᠠᠭᠠᠯ ᠡᠪᠳᠡᠬᠦ ᠮᠠᠰᠢᠨ ᠪᠣᠯᠤᠨ᠎ᠠ᠃ ᠡᠨᠡ ᠲᠣᠬᠠᠢ ︿ᠮᠡᠷᠭᠡᠳ ᠭᠠᠷᠬᠤ ᠶᠢᠨ ᠣᠷᠤᠨ﹀ ᠳᠤ᠄ ︿ᠲᠠᠯ᠎ᠠ ᠶᠢᠨ ᠬᠤᠷᠬ᠎ᠠ〔 ᠪᠠᠬᠢᠨᠯᠯᠲᠡ〕 ᠶᠢ ᠡᠪᠳᠡᠬᠦᠢ ᠴᠢᠯᠠᠭᠤᠨ ᠤ ᠣᠨᠢᠰᠤᠨ ᠬᠦᠷᠳᠦ〔 ᠵᠢᠭᠰᠠᠭᠠᠯ〕᠂ ᠤᠰᠤᠨ ᠬᠤᠷᠬ᠎ᠠ ᠶᠢ ᠡᠪᠳᠡᠭᠦᠢ ᠣᠩᠭᠤᠴᠠᠨ ᠣᠨᠢᠰᠣᠨ ᠬᠦᠷᠳᠦ᠂ ᠠᠭᠤᠯᠠᠨ ᠬᠤᠷᠬ᠎ᠠ ᠶᠢ ᠡᠪᠳᠡᠬᠦᠢ ᠭᠠᠯ ᠤᠨ ᠣᠨᠢᠰᠤᠨ ᠬᠦᠷᠳᠦ᠂ ᠢᠯᠳᠦ ᠡᠷᠬᠢᠭᠦᠯᠬᠦᠢ ᠲᠤᠩᠭᠠᠷᠢᠭ ᠤᠨ ᠣᠨᠢᠰᠤᠨ ᠬᠦᠷᠳᠦ᠂ ᠦᠵᠦᠭᠦᠷ ᠢ ᠰᠠᠯᠭᠠᠬᠤ ᠬᠡᠢ ᠶᠢᠨ ᠣᠨᠢᠰᠤᠨ ᠬᠦᠷᠳᠦ᠂ ᠦᠪᠡᠷ ᠤᠨ ᠠᠮᠢᠨ  ᠢ ᠰᠠᠬᠢᠭᠴᠢ ᠢᠯᠳᠤᠨ ᠤ ᠣᠨᠢᠰᠤᠨ ᠬᠦᠷᠳᠦ ᠨᠦᠭᠦᠳ ᠪᠣᠯᠠᠢ﹀ ᠭᠡᠵᠦ ᠲᠡᠮᠳᠡᠭᠯᠡᠵᠡᠢ᠃ ᠦᠢᠯᠡᠳᠬᠦ ᠤᠷᠠᠨ ᠮᠡᠷᠭᠡᠵᠢᠯ ᠵᠢᠭᠠᠯᠭᠠᠬᠤ ᠪᠠᠶᠢᠵᠠᠢ᠃   〈 ᠮᠣᠩᠭᠤᠯ ᠤᠨ ᠪᠦᠬᠦ ᠴᠡᠷᠢᠭ ᠢ ᠵᠡᠭᠦᠨ᠂ ᠪᠡᠷᠡᠭᠤᠨ᠂ ᠳᠣᠮᠳᠠ ᠭᠡᠵᠦ ᠭᠤᠷᠪᠠᠨ ᠲᠦᠮᠡ ᠬᠤᠪᠢᠶᠠᠭᠰᠠᠨ ᠤ ᠳᠠᠷᠠᠭ᠎ᠠ᠂ ᠬᠡᠷᠡᠭᠰᠡᠯ ᠤᠨ ᠮᠣᠳᠤ ᠪᠠ ᠴᠤᠤᠬᠠᠯ ᠴᠠᠪᠠᠤ ︵ᠵᠢᠭᠠᠰᠤᠨ ᠴᠠᠪᠠᠤ︶ ᠶᠢᠨ ᠭᠠᠷᠤᠯᠲᠠ ᠰᠠᠶᠢᠲᠠᠢ ᠬᠠᠷᠭᠤᠨ᠂ ᠵᠢᠳᠤᠨ ᠲᠡᠷᠯᠡᠭᠦᠨ ᠤ ᠲᠦᠮᠡᠨ ︵ᠣᠳᠣᠬᠢ ᠬᠢᠩᠭᠠᠨ ᠳᠠᠪᠠᠭ᠎ᠠ ᠳᠠᠭᠠᠤ ᠬᠦᠯᠤᠨ ᠪᠣᠶᠢᠷ ᠵᠡᠷᠬᠡ ᠭᠠᠵᠠᠷ︶ ᠳᠤ ᠨᠢᠭᠡ ᠠᠶᠢᠮᠠᠭ ᠤᠷᠠᠳ ᠰᠠᠭᠤᠯᠭᠠᠵᠠᠢ᠃ ᠡᠭᠦᠨ᠎ᠡ ᠠᠶᠢᠮᠠᠭ ᠤᠨ ᠲᠦᠷᠦᠭᠦᠦ ᠪᠣᠷᠬᠠᠢ ᠬᠡᠮᠡᠭᠴᠢ ᠶᠢᠨ ᠬᠦᠪᠡᠬᠦᠨ ᠷᠠᠬ᠎ᠠ᠂ ᠪᠠᠷᠰᠠᠢ᠂ ᠰᠡᠷᠡᠩ ᠤᠴᠢ ᠬᠦᠪᠡᠬᠦᠨ ᠣᠮᠪᠤ᠂ ᠲᠤᠸᠠ  ᠨᠠᠷ ᠤᠤᠯ ᠠᠶᠢᠮᠠᠭ ᠤᠨ ᠭᠤᠷᠪᠠᠨ ᠨᠤᠲᠤᠭ   ᠢ ᠮᠡᠳᠡᠵᠦ ᠪᠠᠶᠢᠪᠠ〉 ᠭᠡᠵᠦ ᠲᠡᠮᠳᠡᠭᠯᠡᠭᠰᠡᠨ ᠪᠠᠶᠢᠨ᠎ᠠ》 ᠭᠡᠵᠡᠢ᠃ ᠣᠳᠤᠬᠠᠨ ᠳᠠᠭᠠᠨ ᠡᠷᠳᠡᠮᠲᠡᠳ ᠤᠨ ᠰᠤᠳᠤᠯᠭ᠎ᠠ ᠨᠤᠭᠤᠳ ᠴᠤ ᠡᠭᠦᠨ  ᠢ ᠵᠦᠪ ᠭᠡᠮᠡᠨ ᠨᠤᠲᠠᠯᠠᠭᠰᠠᠭᠠᠷ ᠪᠣᠢ᠃
ᠢᠷᠡᠯᠲᠡ᠄ ᠤᠷᠠᠳ ᠠᠷᠠᠳ ᠤᠨ ᠵᠠᠩ ᠦᠢᠯᠡ ︵ᠳᠡᠭᠡᠳᠦ︶