ᠰᠥᠨᠢ ᠣᠷᠣᠢ ᠬᠡᠳᠦ ᠢᠳᠡᠬᠦ ᠨᠢ ᠪᠡᠶ᠎ᠡ ᠳᠤ ᠶᠠᠮᠠᠷ ᠨᠥᠯᠥᠭᠡ ᠲᠠᠢ ᠪᠣᠯ︖
ᠨᠡᠶᠢᠲᠡᠯᠡᠭᠰᠡᠨ ᠴᠠᠭ᠄
2024/3/13
     ᠶᠡᠷᠦᠨᠢ ᠭᠡᠨᠡᠳᠲᠡ ᠶᠢᠨ ᠦᠬᠦᠯ ᠤᠨ ᠣᠯᠠᠩᠬᠢ ᠨᠢ ᠵᠢᠷᠦᠬᠡᠨ ᠠᠴᠠ ᠰᠢᠯᠲᠠᠭᠠᠯᠠᠳᠠᠭ᠃ ᠪᠡᠭᠡᠵᠢᠩ ᠤᠨ ᠠᠨ ᠵᠧᠨ ᠡᠮᠨᠡᠯᠭᠡ ᠶᠢᠨ ᠬᠤᠷᠢᠶᠠᠨ ᠤ ᠪᠠᠴᠢᠮ ᠡᠮᠨᠡᠯᠭᠡ ᠶᠢᠨ ᠬᠦᠨᠳᠦ ᠡᠪᠡᠳᠴᠢᠨ ᠤ ᠲᠥᠪ ᠤᠨ ᠳᠡᠳ᠋ ᠡᠷᠬᠢᠯᠡᠭᠴᠢ᠂ ᠡᠮᠴᠢ ᠾᠧ ᠰᠢᠶᠣᠣ ᠨᠠᠨ ᠢᠯᠡᠷᠬᠡᠶᠢᠯᠡᠬᠦ ᠳᠡᠭᠡᠨ᠂ 8 ᠴᠠᠭ ᠢᠶᠠᠷ ᠤᠳᠠᠭᠠᠨ ᠰᠠᠭᠤᠪᠠᠯ ᠭᠡᠨᠡᠳᠲᠡ ᠶᠢᠨ ᠦᠬᠦᠯ ᠤᠨ ᠲᠦᠭᠰᠢᠭᠦᠷᠢ ᠶᠢ ᠦᠨᠡᠬᠡᠷ ᠨᠡᠮᠡᠭᠳᠡᠭᠦᠯᠬᠦ ᠪᠣᠯᠣᠨ᠎ᠠ ᠭᠡᠵᠡᠢ᠃      ᠤᠳᠠᠭᠠᠨ ᠰᠠᠭᠤᠪᠠᠯ ᠴᠢᠰᠤᠨ ᠤ ᠡᠷᠬᠢᠯᠳᠡ ᠶᠢ ᠤᠳᠠᠭᠠᠰᠢᠷᠠᠭᠤᠯᠵᠤ᠂ ᠴᠢᠰᠦ ᠶᠢ ᠦᠳᠬᠡᠷᠡᠬᠦᠯᠳᠡᠭ᠃ ᠳᠣᠣᠷ᠎ᠠ ᠪᠡᠶ᠎ᠡ ᠶᠢᠨ ᠦᠳᠬᠡᠷᠡᠭᠰᠡᠨ ᠴᠢᠰᠦ ᠵᠢᠷᠦᠬᠡ ᠪᠤᠶᠤ ᠠᠭᠤᠰᠬᠢᠨ ᠤ ᠴᠢᠰᠤᠨ ᠰᠤᠳᠠᠯ ᠳᠤ ᠬᠦᠷᠴᠦ᠂ ᠠᠭᠤᠰᠬᠢᠨ ᠤ ᠴᠢᠰᠤᠨ ᠰᠤᠳᠠᠯ ᠪᠥᠭᠯᠡᠷᠡᠨ᠎ᠡ︔ ᠵᠢᠷᠦᠬᠡ᠂ ᠠᠭᠤᠰᠬᠢ ᠤᠶᠢᠷᠠᠬᠠᠨ ᠪᠠᠶᠢᠳᠠᠭ ᠪᠤᠯᠬᠤᠷ ᠠᠭᠤᠰᠬᠢᠨ ᠤ ᠴᠢᠰᠤᠨ ᠰᠤᠳᠠᠯ ᠪᠥᠭᠯᠡᠷᠡᠭᠰᠡᠨ ᠠᠴᠠ ᠪᠤᠯᠵᠦ ᠵᠢᠷᠦᠬᠡᠨ ᠤ ᠠᠵᠢᠯᠯᠠᠭ᠎ᠠ ᠶᠢ ᠬᠦᠨᠳᠦ ᠨᠣᠴᠢᠲᠠᠢ ᠨᠥᠯᠥᠭᠡᠯᠡᠨ᠎ᠡ᠃ ᠵᠢᠷᠦᠬᠡᠨ ᠤ ᠠᠵᠢᠯᠯᠠᠭ᠎ᠠ ᠮᠠᠭᠤᠳᠠᠬᠤ ᠦᠶ᠎ᠡ ᠳᠤ ᠵᠢᠷᠦᠬᠡᠨ ᠤ ᠳᠤᠷᠦ᠋ᠢᠳᠠᠯ ᠤᠨ ᠳᠤᠬᠢᠶᠠᠯᠳᠤᠯ ᠪᠤᠯᠳᠠᠭ ᠶᠤᠮ᠃      ᠤᠳᠠᠭᠠᠨ ᠰᠠᠭᠤᠬᠤ ᠦᠶ᠎ᠡ ᠶᠠᠭᠠᠬᠢᠪᠠᠯ ᠵᠣᠬᠢᠬᠤ ᠪᠤᠢ ᠬᠡᠪᠡᠯ᠂ ᠨᠢᠭᠡ ᠳᠤ᠂ ᠬᠥᠯ ᠤᠨ ᠬᠤᠷᠤᠭᠤ ᠪᠠᠨ 20 ᠰᠺᠦ᠋ᠨ᠋ᠳ᠋ ᠡᠷᠬᠦᠨ᠎ᠠ︔ ᠬᠤᠶᠠᠷ ᠲᠤ᠂ ᠪᠣᠷᠪᠢ ᠪᠠᠨ ᠡᠷᠭᠦᠵᠦ᠂ 20 ᠰᠺᠦ᠋ᠨ᠋ᠳ᠋ ᠪᠠᠷᠢᠮᠲᠠᠯᠠᠨ᠎ᠠ᠃      ᠡᠬᠦᠨ ᠠᠴᠠ ᠭᠠᠳᠠᠨ᠎ᠠ ᠰᠦᠨᠢ ᠣᠷᠣᠢ ᠶᠠᠭᠤᠮ᠎ᠠ ᠢᠳᠡᠬᠦ ᠨᠢ ᠪᠡᠶ᠎ᠡ ᠳᠤ ᠮᠠᠰᠢ ᠮᠠᠭᠤ ᠶᠤᠮ᠃ ᠾᠧ ᠰᠢᠶᠣᠣ ᠨᠠᠨ ᠡᠮᠴᠢ ᠶᠢᠨ ᠲᠠᠶᠢᠯᠪᠤᠷᠢᠯᠠᠭᠰᠠᠨ ᠢᠶᠠᠷ᠂ ᠰᠥᠨᠢ ᠶᠢᠨ ᠬᠤᠭᠤᠯᠠᠨ ᠳᠤ ᠠᠮᠢᠲᠠᠨ ᠤ ᠳᠣᠲᠣᠷ ᠡᠷᠬᠡᠲᠡᠨ᠂ ᠯᠣᠬᠠᠱᠧᠩ᠂ ᠮᠢᠬᠠᠨ ᠤ ᠵᠦᠢᠯ ᠵᠡᠷᠭᠡ ᠥᠭᠡᠬᠦ ᠶᠡᠬᠡᠲᠡᠢ᠂ ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠶᠡᠬᠡᠲᠡᠢ ᠢᠳᠡᠭᠡᠨ ᠢ ᠶᠡᠭᠡ ᠬᠡᠮᠵᠢᠶ᠎ᠡ ᠪᠠᠷ ᠢᠳᠡᠪᠡᠯ᠂ ᠴᠢᠰᠤᠨ ᠤ ᠥᠭᠡᠬᠦ ᠳᠣᠰᠣ ᠨᠡᠮᠡᠭᠳᠡᠬᠦ ᠪᠣᠯᠣᠨ᠎ᠠ ᠃ ᠢᠩᠬᠢᠬᠡᠳ ᠵᠢᠷᠦᠬᠡᠨ ᠲᠢᠲᠢᠮ ᠤᠨ ᠡᠪᠡᠳᠴᠢᠨ᠂ ᠵᠢᠷᠦᠬᠡ ᠪᠠᠵᠠᠯᠠᠨ ᠡᠪᠡᠳᠬᠦ᠂ ᠴᠢᠨᠠᠭᠰᠢᠯᠠᠪᠠᠯ ᠵᠢᠷᠦᠬᠡᠨ ᠪᠤᠯᠴᠢᠩ ᠤᠨ ᠲᠦᠭᠵᠢᠷᠡᠯ ᠡᠭᠦᠰᠬᠦ ᠠᠶᠤᠯ ᠢ ᠨᠡᠮᠡᠭᠳᠡᠭᠦᠯᠬᠦ ᠶᠤᠮ ᠪᠠᠶᠢᠨ᠎ᠠ᠃    
ᠢᠷᠡᠯᠲᠡ᠄ ᠲᠥᠪ ᠷᠠᠳᠢᠣ᠋ ᠶᠢᠨ ᠮᠡᠳᠡᠭᠡ