ᠰᠢᠨ᠎ᠡ ᠥᠨᠳᠡᠭᠡᠨ ᠤ ᠬᠠᠯᠢᠰᠤᠨ ᠳᠤ ᠨᠢᠭᠡ ᠳᠠᠪᠬᠤᠷ ᠴᠠᠭᠠᠨ ᠨᠤᠨᠳᠠᠭ ᠨᠠᠭᠠᠯᠳᠤᠵᠤ ᠪᠠᠶᠢᠳᠠᠭ ᠪᠥᠭᠡᠳ ᠲᠡᠮᠲᠡᠷᠢᠬᠦ ᠳᠤ ᠭᠠᠷ ᠲᠤ ᠨᠠᠭᠠᠯᠳᠤᠬᠤ | ᠦᠭᠡᠢ᠂ ᠥᠨᠳᠡᠭᠡᠨ ᠬᠠᠯᠢᠰᠤ ᠶᠢ ᠦᠵᠡᠬᠦ ᠳᠤ ᠥᠩᠭᠡ ᠨᠢ ᠬᠡᠬᠡᠨ ᠪᠠᠶᠢᠳᠠᠭ᠃ ᠡᠪᠳᠡᠷᠡᠭᠰᠡᠨ ᠥᠨᠳᠡᠭᠡ ᠶᠢ ᠪᠠᠷᠢᠪᠠᠯ ᠭᠠᠷ ᠲᠤ ᠨᠠᠭᠠᠯᠳᠤᠭᠠᠳ ᠬᠦᠨᠳᠦ | ᠰᠢᠭ ᠰᠠᠨᠠᠭᠳᠠᠬᠤ ᠪᠥᠭᠡᠳ ᠥᠨᠳᠡᠭᠡᠨ ᠬᠠᠯᠢᠰᠤᠨ ᠤ ᠥᠩᠭᠡ ᠨᠢ ᠴᠤ ᠬᠡᠪ ᠤᠨ ᠪᠤᠰᠤ ᠬᠠᠷᠠᠭᠳᠠᠨ ᠬᠠᠷ᠎ᠠ ᠳᠤᠰᠤᠯ ᠢᠯᠡᠷᠡᠭᠰᠡᠨ ᠪᠠᠶᠢᠳᠠᠭ᠃ ᠦᠵᠡᠬᠦ᠄ | ᠥᠨᠳᠡᠭᠡ ᠪᠠᠨ ᠨᠠᠷᠠᠨ ᠤ ᠥᠭᠡᠳᠡ ᠪᠤᠶᠤ ᠳ᠋ᠧᠩ ᠤᠨ ᠬᠡᠷᠡᠯ ᠳᠤ ᠪᠠᠷᠢᠵᠤ ᠦᠵᠡᠬᠦ ᠳᠤ ᠰᠢᠨ᠎ᠡ ᠥᠨᠳᠡᠭᠡ ᠨᠢ ᠤᠯᠠᠭᠠᠪᠲᠤᠷ ᠥᠩᠭᠡ ᠲᠠᠢ ᠪᠠᠶᠢᠵᠤ᠂ | ᠳᠣᠲᠣᠷᠠᠬᠢ ᠥᠨᠳᠡᠭᠡᠨ ᠰᠢᠷ᠎ᠠ ᠶᠢᠨ ᠬᠡᠯᠪᠡᠷᠢ ᠨᠢ ᠲᠣᠳᠣ ᠬᠠᠷᠠᠭᠳᠠᠳᠠᠭ᠃ ᠡᠪᠳᠡᠷᠡᠭᠰᠡᠨ ᠥᠨᠳᠡᠭᠡ ᠨᠢ ᠬᠠᠷᠢᠨ ᠥᠩᠭᠡ ᠨᠢ ᠪᠦᠳᠡᠭᠢ ᠪᠤᠶᠤ ᠬᠠᠷ᠎ᠠ | ᠲᠣᠯᠪᠤ ᠲᠠᠢ ᠪᠠᠶᠢᠳᠠᠭ᠂ ᠡᠶᠢᠮᠦ ᠥᠨᠳᠡᠭᠡᠨ ᠤ ᠴᠢᠨᠠᠷ ᠨᠢ ᠬᠤᠪᠢᠷᠠᠭᠰᠠᠨ ᠲᠤᠯᠠ ᠢᠳᠡᠵᠦ ᠪᠤᠯᠬᠤ ᠦᠭᠡᠢ᠃ ᠰᠡᠭᠰᠤᠷᠬᠦ᠄ ᠥᠨᠳᠡᠭᠡ ᠶᠢ ᠬᠥᠩᠭᠡᠬᠡᠨ | ᠰᠡᠭᠰᠦᠷᠬᠦ ᠳᠤ ᠳᠠᠭᠤ ᠦᠭᠡᠢ ᠪᠠᠶᠢᠪᠠᠯ ᠡᠨᠡ ᠬᠦ ᠥᠨᠳᠡᠭᠡᠨ ᠤ ᠰᠢᠷ᠎ᠠ ᠨᠢ ᠪᠦᠲᠦᠨ ᠪᠠᠶᠢᠵᠤ᠂ ᠰᠢᠨ᠎ᠡ ᠥᠨᠳᠡᠭᠡ ᠭᠡᠰᠡᠨ ᠢ ᠪᠠᠲᠤᠯᠠᠵᠤ ᠪᠣᠯᠣᠨ᠎ᠠ᠃ ᠬᠡᠷᠪᠡ | ᠰᠡᠭᠰᠤᠷᠬᠦ ᠦᠶ᠎ᠡ ᠳᠤ ᠳᠠᠭᠤ ᠭᠠᠷᠴᠤ ᠪᠠᠶᠢᠪᠠᠯ ᠬᠠᠭᠤᠴᠢᠨ ᠥᠨᠳᠡᠭᠡ ᠭᠡᠰᠡᠨ ᠢ ᠬᠠᠷᠠᠭᠤᠯᠵᠤ ᠪᠤᠢ᠃ ᠡᠶᠢᠮᠦ ᠥᠨᠳᠡᠭᠡ ᠨᠢᠭᠡᠨᠲᠡ ᠡᠪᠳᠡᠷᠡᠭᠡᠳ ᠥᠨᠳᠡᠭᠡᠨ | ᠰᠢᠷ᠎ᠠ ᠨᠢ ᠪᠤᠳᠠᠷᠠᠭᠰᠠᠨ ᠲᠤᠯᠠ ᠰᠡᠭᠰᠤᠷᠬᠦ ᠦᠶ᠎ᠡ ᠳᠤ ᠳᠠᠭᠤ ᠭᠠᠷᠳᠠᠭ᠃ | |