ᠡᠨᠡ ᠬᠥᠳᠡᠯᠭᠡᠭᠡᠨ ᠢ ᠡᠳᠦᠷ ᠪᠦᠷᠢ ᠪᠠᠷᠢᠮᠲᠠᠯᠠᠵᠤ ᠪᠠᠢ
ᠨᠡᠶᠢᠲᠡᠯᠡᠭᠰᠡᠨ ᠴᠠᠭ᠄
2024/2/27
     1. ᠬᠤᠭᠤᠯᠠ ᠢᠳᠡᠭᠰᠡᠨ ᠤ ᠳᠠᠷᠠᠭ᠎ᠠ ᠬᠡᠷᠡᠮ ᠲᠠᠢ ᠨᠠᠭᠠᠯᠳᠤᠵᠤ ᠵᠤᠬᠰᠣᠬᠤ ᠨᠢ᠂ ᠮᠠᠷᠢᠶ᠎ᠠ ᠰᠢᠭᠤᠷᠠᠭᠤᠯᠵᠤ ᠰᠢᠩᠭᠡᠭᠡᠯᠲᠡ ᠶᠢ ᠰᠠᠶᠢᠵᠢᠷᠠᠭᠤᠯᠤᠨ᠎ᠠ᠃ ᠡᠬᠢᠯᠡᠭᠡᠳ 5 ᠮᠢᠨᠦ᠋ᠲ᠂ ᠤᠳᠠᠭᠠᠨ ᠳᠠᠭᠠᠨ 10 ᠠᠴᠠ 15 ᠮᠢᠨᠦ᠋ᠲ ᠵᠣᠭᠰᠣᠨ᠎ᠠ᠃ ᠵᠣᠭᠰᠣᠬᠤ ᠳᠠᠭᠠᠨ ᠲᠡᠭᠰᠢ ᠤᠯᠠ ᠲᠠᠢ ᠱᠠᠬᠠᠢ ᠡᠮᠦᠰᠬᠦ ᠶᠢ ᠠᠩᠬᠠᠷᠬᠤ ᠬᠡᠷᠡᠭᠲᠡᠢ᠃      2. ᠬᠡᠷᠡᠮ ᠲᠠᠢ ᠨᠠᠭᠠᠯᠳᠤᠵᠤ ᠵᠤᠬᠰᠣᠬᠤ ᠨᠢ ᠨᠢᠷᠤᠭᠤ ᠰᠡᠭᠡᠷ ᠢ ᠠᠮᠠᠷᠠᠭᠤᠯᠳᠠᠭ᠃ ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶᠠᠨ ᠤ ᠰᠢᠮ᠎ᠡ ᠲᠡᠵᠢᠭᠡᠯ ᠤᠨ ᠰᠠᠯᠠᠭᠠᠨ ᠤ ᠡᠷᠬᠢᠯᠡᠭᠴᠢ ᠡᠮᠴᠢ ᠴᠧᠨ ᠸᠧᠢ ᠶᠢᠨ ᠲᠠᠨᠢᠯᠴᠠᠭᠤᠯᠤᠭᠰᠠᠨ ᠢᠶᠠᠷ᠂ ᠬᠡᠷᠡᠮ ᠲᠠᠢ ᠨᠠᠭᠠᠯᠳᠤᠵᠤ ᠵᠣᠭᠰᠣᠪᠠᠯ ᠬᠦᠵᠦᠭᠦᠦ ᠰᠡᠭᠡᠷ ᠪᠣᠯᠣᠨ ᠪᠦᠰᠡᠯᠡᠭᠦᠷ ᠨᠢᠷᠤᠭᠤ ᠶᠢ ᠭᠦᠢᠴᠡᠳ ᠠᠮᠠᠷᠠᠭᠤᠯᠵᠤ ᠴᠢᠳᠠᠳᠠᠭ ᠶᠤᠮ ᠪᠠᠶᠢᠨ᠎ᠠ᠃      3. ᠬᠡᠷᠡᠮ ᠲᠠᠢ ᠨᠠᠭᠠᠯᠳᠤᠵᠤ ᠵᠤᠬᠰᠣᠬᠤ ᠳᠠᠭᠠᠨ᠂ ᠨᠢᠷᠤᠭᠤ ᠪᠠᠨ ᠰᠠᠨᠠᠭᠠᠴᠢᠯᠠᠭ᠎ᠠ ᠠᠴᠠ ᠪᠠᠨ ᠲᠡᠭᠰᠢᠯᠡᠬᠦ ᠬᠡᠷᠡᠭᠲᠡᠢ᠃ ᠡᠮᠴᠢ ᠶᠢᠨ ᠲᠠᠨᠢᠯᠴᠠᠭᠤᠯᠤᠭᠰᠠᠨ ᠢᠶᠠᠷ᠂ ᠬᠡᠷᠡᠮ ᠲᠠᠢ ᠨᠠᠭᠠᠯᠳᠤᠵᠤ ᠵᠣᠭᠰᠣᠬᠤ ᠦᠶ᠎ᠡ ᠰᠠᠨᠠᠭᠠᠴᠢᠯᠠᠭ᠎ᠠ ᠠᠴᠠ ᠪᠠᠨ ᠰᠡᠭᠡᠷ ᠢᠶᠠᠨ ᠵᠠᠰᠠᠵᠤ ᠪᠤᠯᠳᠠᠭ᠂ ᠤᠴᠢᠷ ᠨᠢ ᠬᠥᠮᠥᠰ ᠰᠡᠭᠡᠷ ᠨᠢᠷᠤᠭᠤ ᠪᠠᠨ ᠬᠠᠵᠠᠶᠢᠯᠭᠠᠵᠤ ᠵᠤᠬᠰᠣᠬᠤ ᠳᠤᠷᠠᠲᠠᠢ ᠪᠠᠶᠢᠵᠤ᠂ ᠬᠡᠷᠡᠮ ᠲᠠᠢ ᠨᠠᠭᠠᠯᠳᠤᠵᠤ ᠵᠣᠭᠰᠣᠬᠤ ᠨᠢ ᠰᠡᠭᠡᠷ ᠨᠢᠷᠤᠭᠤ ᠶᠢ ᠵᠣᠬᠢᠬᠤ ᠬᠡᠮᠵᠢᠶ᠎ᠡ ᠪᠠᠷ ᠲᠡᠭᠰᠢᠯᠡᠬᠦ ᠪᠠ ᠵᠠᠰᠠᠬᠤ ᠦᠢᠯᠡᠳᠦᠯ ᠲᠠᠢ ᠪᠠᠶᠢᠳᠠᠭ ᠶᠤᠮ ᠪᠠᠶᠢᠨ᠎ᠠ᠃     4. ᠬᠡᠷᠡᠮ ᠲᠠᠢ ᠨᠠᠭᠠᠯᠳᠤᠵᠤ ᠵᠤᠬᠰᠣᠬᠤ ᠨᠢ ᠪᠥᠭᠲᠥᠷ ᠪᠥᠭᠴᠥᠭᠡᠷ ᠢ ᠵᠠᠰᠠᠨ᠎ᠠ᠃ ᠪᠠᠭ᠎ᠠ ᠰᠠᠭ᠎ᠠ ᠪᠥᠭᠲᠥᠷ ᠢ ᠬᠡᠷᠡᠮ ᠲᠠᠢ ᠨᠠᠭᠠᠯᠳᠤᠵᠤ ᠵᠣᠭᠰᠣᠭᠠᠳ ᠵᠠᠰᠠᠵᠤ ᠪᠤᠯᠳᠠᠭ ᠮᠥᠷᠲᠡᠭᠡᠨ ᠦᠷ᠎ᠡ ᠳ᠋ᠦᠩ ᠨᠢ ᠨᠡᠯᠢᠶᠡᠳ ᠵᠦᠭᠡᠷ ᠪᠠᠶᠢᠳᠠᠭ ᠶᠤᠮ᠃      5. ᠬᠡᠷᠡᠮ ᠲᠠᠢ ᠨᠠᠭᠠᠯᠳᠤᠵᠤ ᠵᠣᠭᠰᠣᠪᠠᠯ ᠠᠯᠬᠤᠭ᠎ᠠ ᠭᠢᠰᠬᠢᠭᠡ ᠪᠠᠨ ᠵᠠᠰᠠᠵᠤ ᠪᠤᠯᠳᠠᠭ᠃ ᠣᠳᠣᠬᠠᠨ ᠳᠤ ᠣᠯᠠᠨ ᠬᠥᠮᠥᠰ ᠤᠨ ᠠᠯᠬᠤᠵᠤ ᠭᠢᠰᠬᠢᠬᠦ ᠨᠢ ᠡᠪ ᠦᠭᠡᠢ ᠪᠠᠶᠢᠵᠤ᠂ ᠦᠷᠭᠦᠯᠵᠢ ᠬᠡᠷᠡᠮ ᠲᠠᠢ ᠨᠠᠭᠠᠯᠳᠤᠵᠤ ᠵᠣᠭᠰᠣᠪᠠᠯ ᠲᠡᠭᠦᠨ ᠢ ᠵᠠᠰᠠᠵᠤ ᠪᠤᠯᠳᠠᠭ ᠶᠤᠮ ᠪᠠᠶᠢᠨ᠎ᠠ᠃    
ᠢᠷᠡᠯᠲᠡ᠄ ᠲᠣᠮᠳᠠᠳᠣ ᠤᠯᠤᠰ ᠤᠨ ᠮᠣᠩᠭᠤᠯ ᠷᠠᠳᠢᠣ᠋ ᠰᠦᠯᠵᠢᠶ᠎ᠡ