ᠪᠥᠬᠦ ᠤᠯᠤᠰ ᠤᠨ 31 ᠮᠤᠵᠢ ᠶᠢᠨ ᠱᠠᠲᠤᠨ ᠤ ᠬᠠᠤᠯᠢ ᠲᠣᠭᠲᠠᠭᠠᠯ ᠲᠦᠷᠢᠮ ᠲᠤᠭᠲᠠᠭᠠᠯ ᠤᠨ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠤᠨ ᠳ᠋ᠠᠶᠢᠲ᠋ᠠ ᠬᠥᠮᠥᠷᠭᠡ ᠶᠢ ᠪᠦᠬᠦᠨ ᠢ ᠪᠠᠶᠢᠭᠤᠯᠵᠤ ᠠᠰᠢᠬᠯᠠᠯᠳᠠ ᠳᠤ ᠤᠷᠤᠭᠤᠯᠪᠠ
ᠨᠡᠶᠢᠲᠡᠯᠡᠭᠰᠡᠨ ᠴᠠᠭ᠄
2024/12/24
    22 ᠤᠨ ᠡᠳᠦᠷ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠠᠷᠪᠠᠨ ᠭᠤᠷᠪᠠᠳᠤᠭᠠᠷ ᠬᠤᠷᠠᠯ ᠳᠤ ᠬᠢᠨᠠᠨ ᠵᠦᠪᠯᠡᠬᠦᠯᠬᠦ ᠪᠠᠷ ᠳᠡᠪᠰᠢᠭᠦᠯᠦᠭᠰᠡᠨ 2024 ᠣᠨ ᠤ ᠳᠡᠩᠰᠡᠯᠡᠵᠦ ᠬᠢᠨᠠᠨ ᠪᠠᠶᠢᠴᠠᠭᠠᠬᠤ ᠠᠵᠢᠯ ᠤᠨ ᠪᠠᠶᠢᠳᠠᠯ ᠤᠨ ᠲᠤᠬᠠᠶ ᠮᠡᠳᠡᠭᠦᠯᠦᠯᠲᠡ ᠳᠤ ᠢᠯᠡᠷᠡᠭᠦᠯᠦᠭᠰᠡᠨ ᠢᠶᠠᠷ᠂ ᠪᠥᠬᠦ ᠤᠯᠤᠰ ᠤᠨ 31 ᠮᠤᠵᠢ ᠶᠢᠨ ᠱᠠᠲᠤᠨ ᠤ ᠬᠠᠤᠯᠢ ᠲᠣᠭᠲᠠᠭᠠᠯ ᠲᠦᠷᠢᠮ ᠲᠤᠭᠲᠠᠭᠠᠯ ᠤᠨ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠤᠨ ᠳ᠋ᠠᠶᠢᠲ᠋ᠠ ᠬᠥᠮᠥᠷᠭᠡ ᠶᠢ ᠪᠦᠬᠦᠨ ᠢ ᠪᠠᠶᠢᠭᠤᠯᠵᠤ ᠠᠰᠢᠬᠯᠠᠯᠳᠠ ᠳᠤ ᠤᠷᠤᠭᠤᠯᠪᠠ᠃    ᠪᠥᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ︽ᠪᠣᠶ ᠪᠥᠬᠦᠶ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠢ ᠳᠡᠩᠰᠡᠯᠡᠵᠦ ᠬᠢᠨᠠᠨ ᠪᠠᠶᠢᠴᠠᠭᠠᠬᠤ ᠬᠡᠪᠴᠢᠶᠡᠨ ᠳᠤ ᠣᠷᠣᠭᠤᠯᠬᠤ︾ ᠲᠤᠬᠠᠶ ᠨᠠᠮ ᠤᠨ ᠲᠥᠪ ᠬᠤᠷᠢᠶ᠎ᠠ ᠶᠢᠨ ᠱᠠᠭᠠᠷᠳᠠᠯᠭ᠎ᠠ ᠶᠢ ᠭᠦᠨᠵᠡᠭᠡᠶ ᠲᠤᠭᠤᠰᠢᠯᠠᠭᠤᠯᠵᠤ᠂ ᠮᠤᠵᠢ ᠶᠢᠨ ᠱᠠᠲᠤᠨ ᠤ ᠬᠠᠤᠯᠢ ᠲᠣᠭᠲᠠᠭᠠᠯ ᠲᠦᠷᠢᠮ ᠲᠤᠭᠲᠠᠭᠠᠯ ᠤᠨ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠤᠨ ᠳ᠋ᠠᠶᠢᠲ᠋ᠠ ᠬᠥᠮᠥᠷᠭᠡ ᠶᠢᠨ ᠪᠠᠶᠢᠭᠤᠯᠤᠯᠲᠠ ᠶᠢ ᠠᠬᠢᠭᠤᠯᠬᠤ ᠪᠠᠷ ᠳᠠᠮᠵᠢᠨ᠂ ᠣᠷᠣᠨ ᠨᠤᠲᠤᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠳᠠᠩᠰᠠᠯᠠᠬᠤ ᠬᠡᠪᠴᠢᠶ᠎ᠡ ᠶᠢ ᠪᠠᠬᠢᠵᠢᠭᠦᠯᠦᠨ ᠥᠷᠭᠡᠳᠭᠡᠪᠡ᠃    ᠮᠡᠳᠡᠭᠦᠯᠦᠯᠲᠡ ᠳᠤ᠂ ᠡᠯ᠎ᠡ ᠮᠤᠵᠢ ᠶᠢᠨ ᠱᠠᠲᠤᠨ ᠤ ᠳ᠋ᠠᠶᠢᠲ᠋ᠠ ᠬᠥᠮᠥᠷᠭᠡ ᠨᠢ ᠲᠣᠰ ᠵᠠᠰᠠᠭ ᠵᠠᠬᠢᠷᠭᠠᠨ ᠤ ᠣᠷᠣᠨ ᠤ ᠮᠤᠵᠢ ᠬᠤᠲᠠ ᠰᠢᠶᠠᠨ ᠰᠢᠶᠠᠩ ᠳᠥᠷᠪᠡᠨ ᠱᠠᠲᠤᠨ ᠤ ᠲᠥᠷᠥ ᠶᠢᠨ ᠪᠠᠶᠢᠭᠤᠯᠭ᠎ᠠ ᠶᠢᠨ ᠲᠣᠭᠲᠠᠭᠠᠭᠰᠠᠨ ᠡᠯ᠎ᠡ ᠲᠥᠷᠥᠯ ᠤᠨ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠢ ᠳ᠋ᠠᠶᠢᠲ᠋ᠠ ᠬᠥᠮᠥᠷᠭᠡ ᠳᠤ ᠣᠷᠣᠭᠤᠯᠵᠤ᠂ ᠨᠡᠶᠢᠲᠡ 38 ᠲᠦᠮᠡ ᠭᠠᠷᠤᠶ ᠬᠤᠪᠢ ᠪᠤᠢ᠃ ᠡᠭᠦᠨ ᠳᠤ ᠣᠳᠣ ᠶᠢᠨ ᠬᠡᠷᠡᠭᠵᠢᠭᠦᠯᠵᠦ ᠪᠠᠶᠢᠭ᠎ᠠ ᠬᠦᠴᠦᠨ ᠲᠠᠢ ᠪᠠ ᠨᠢᠭᠡᠨᠲᠡ ᠵᠠᠰᠠᠪᠤᠷᠢ ᠣᠷᠣᠭᠤᠯᠤᠭᠰᠠᠨ ᠡᠯ᠎ᠡ ᠲᠥᠷᠥᠯ ᠤᠨ ᠣᠷᠣᠨ ᠨᠤᠲᠤᠭ ᠤᠨ ᠴᠢᠨᠠᠷᠲᠠᠶ ᠬᠠᠤᠯᠢ ᠲᠣᠭᠲᠠᠭᠠᠯ 21158 ᠬᠤᠪᠢ᠂ ᠣᠷᠣᠨ ᠨᠤᠲᠤᠭ ᠤᠨ ᠵᠠᠰᠠᠭ ᠤᠨ ᠣᠷᠳᠣᠨ ᠤ ᠳᠦᠷᠢᠮ ᠲᠣᠭᠲᠠᠭᠠᠯ 10920 ᠬᠤᠪᠢ᠂ ᠡᠯ᠎ᠡ ᠱᠠᠲᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠵᠢᠴᠢ ᠲᠡᠭᠦᠨ ᠤ ᠪᠠᠶᠢᠩᠭᠤ ᠶᠢᠨ ᠬᠤᠷᠢᠶ᠎ᠠ ᠶᠢᠨ ᠰᠢᠢᠳᠪᠦᠷᠢ᠂ ᠲᠣᠭᠲᠠᠭᠠᠯ 19308 ᠬᠤᠪᠢ᠂ ᠵᠠᠰᠠᠭ ᠵᠠᠬᠢᠷᠭᠠᠨ ᠤ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ 327819 ᠬᠤᠪᠢ᠂ ᠬᠢᠨᠠᠨ ᠪᠠᠶᠢᠴᠠᠭᠠᠬᠤ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ 298 ᠬᠤᠪᠢ᠂ ᠬᠠᠤᠯᠢ ᠴᠠᠭᠠᠵᠠ ᠶᠢᠨ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ 5023 ᠬᠤᠪᠢ ᠪᠠᠶᠢᠨ᠎ᠠ ᠭᠡᠵᠦ ᠳᠠᠨᠢᠯᠴᠠᠭᠤᠯᠪᠠ᠃    ᠲᠠᠨᠢᠯᠴᠠᠭᠤᠯᠤᠭᠰᠠᠨ ᠢᠶᠠᠷ᠂ ᠪᠥᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠬᠠᠤᠯᠢ ᠲᠦᠷᠢᠮ ᠤᠨ ᠠᠵᠢᠯ ᠤᠨ ᠵᠥᠪᠯᠡᠯ ᠣᠷᠣᠨ ᠨᠤᠲᠤᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠮᠤᠵᠢ ᠶᠢᠨ ᠱᠠᠲᠤᠨ ᠤ ᠬᠠᠤᠯᠢ ᠲᠣᠭᠲᠠᠭᠠᠯ ᠲᠦᠷᠢᠮ ᠲᠤᠭᠲᠠᠭᠠᠯ ᠤᠨ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠤᠨ ᠳ᠋ᠠᠶᠢᠲ᠋ᠠ ᠬᠥᠮᠥᠷᠭᠡ ᠶᠢ ᠰᠠᠶᠢᠲᠤᠷ ᠲᠡᠭᠦᠯᠳᠡᠷᠵᠢᠭᠦᠯᠦᠨ ᠰᠠᠶᠢᠲᠤᠷ ᠠᠵᠢᠯᠯᠠᠭᠤᠯᠬᠤ ᠶᠢ ᠠᠬᠢᠭᠤᠯᠵᠤ᠂ ᠳ᠋ᠠᠶᠢᠲ᠋ᠠ ᠬᠥᠮᠥᠷᠭᠡ ᠶᠢᠨ ᠪᠠᠶᠢᠭᠤᠯᠤᠯᠲᠠ ᠪᠠᠷ ᠭᠠᠷᠳᠠᠴᠠ ᠪᠣᠯᠭᠠᠨ ᠳᠡᠩᠰᠡᠯᠡᠵᠦ ᠬᠢᠨᠠᠨ ᠪᠠᠶᠢᠴᠠᠭᠠᠬᠤ ᠠᠵᠢᠯ ᠤᠨ ᠶᠠᠰᠤ ᠴᠢᠨᠠᠷ ᠢ ᠳᠡᠭᠡᠭᠰᠢᠯᠡᠭᠦᠯᠦᠨ᠎ᠡ᠃    ︵ᠰᠢᠨᠬᠤᠸᠠ ᠬᠤᠷᠢᠶ᠎ᠠ ᠶᠢᠨ ᠪᠡᠭᠡᠵᠢᠩ ᠤᠨ 12 ᠰᠠᠷ᠎ᠠ ᠶᠢᠨ 22 ᠤᠨ ᠴᠠᠬᠢᠯᠭᠠᠨ ᠮᠡᠳᠡᠭᠡ︶
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ