ᠣᠶᠢᠷ᠎ᠠ ᠶᠢᠨ ᠡᠳᠦᠷ ᠠᠴᠠ ᠠᠭᠠᠷ ᠤᠨ ᠳᠤᠯᠠᠭᠠᠨ ᠪᠠᠭᠤᠷᠠᠬᠤ ᠶᠢ ᠳᠠᠭᠠᠯᠳᠣᠨ᠂ ᠣᠷᠠᠳ ᠤᠨ ᠡᠮᠦᠨᠡᠲᠤ ᠬᠤᠰᠢᠭᠤᠨ ᠤ ᠶᠡᠭᠡ ᠰᠢᠭᠡᠲᠡᠢ | ᠪᠠᠯᠭᠠᠰᠤᠨ ᠤ ᠮᠠ ᠪᠦ᠋ ᠽᠢ ᠲᠣᠰᠬᠤᠨ ᠤ ᠲᠠᠪᠤᠳᠤᠭᠠᠷ ᠳᠤᠭᠤᠢᠯᠠᠩ ᠤᠨ ᠲᠠᠷᠢᠶᠠᠴᠢᠨ ᠲᠢᠶᠠᠨ ᠵᠢᠶᠦ᠋ᠨ ᠤ ᠬᠦᠯᠡᠮᠵᠢ ᠳᠤ ᠲᠠᠷᠢᠭᠰᠠᠨ 40 ᠭᠠᠷᠤᠢ ᠮᠣ᠋ | ᠴᠠᠭᠠᠨ ᠨᠣᠭᠤᠭ᠎ᠠ ᠪᠣᠷᠣᠯᠠᠭᠤᠯᠭ᠎ᠠ ᠪᠠᠨ ᠣᠯᠬᠤ ᠦᠭᠡᠢ ᠰᠠᠨᠳᠣᠷᠴᠣ ᠪᠠᠶᠢᠪᠠ᠃ ᠡᠨᠡ ᠬᠦ ᠪᠠᠶᠢᠳᠠᠯ ᠢ ᠲᠣᠰ ᠪᠠᠯᠭᠠᠰᠣᠨ ᠠᠴᠠ ᠣᠯᠵᠣ ᠮᠡᠳᠡᠭᠰᠡᠨ ᠤ | ᠳᠠᠷᠠᠭ᠎ᠠ ᠳᠠᠷᠣᠶᠢᠬᠠᠨ ᠠᠷᠭ᠎ᠠ ᠭᠠᠷᠭᠠᠨ ᠴᠠᠭᠠᠨ ᠨᠣᠭᠤᠭ᠎ᠠ ᠶᠢ ᠬᠠᠪᠰᠣᠷᠣᠨ ᠪᠣᠷᠣᠯᠠᠭᠤᠯᠪᠠ ᠃ | ᠡᠨᠡ ᠵᠢᠯ᠂ ᠲᠢᠶᠠᠨ ᠵᠢᠶᠦ᠋ᠨ 33 ᠲᠣᠮᠣ ᠬᠦᠯᠡᠮᠵᠢ ᠳᠠᠭᠠᠭᠠᠴᠢᠯᠠᠵᠤ ᠵᠤᠨ ᠤ ᠤᠯᠠᠷᠢᠯ ᠳᠤ ᠴᠠᠭᠠᠨ ᠬᠠᠯᠢᠰᠣᠲᠣ ᠬᠡᠮᠬᠡ ᠵᠡᠷᠭᠡ ᠭᠤᠸ᠎ᠠ ᠵᠢᠮᠢᠰ ᠢ | ᠲᠠᠷᠢᠭᠰᠠᠨ ᠤ ᠳᠠᠷᠠᠭ᠎ᠠ ᠳᠠᠬᠢᠨ ᠶᠡᠭᠡ ᠪᠠᠷ ᠴᠠᠭᠠᠨ ᠨᠣᠭᠤᠭ᠎ᠠ ᠲᠠᠷᠢᠪᠠ᠂ ᠡᠶᠢᠮᠤ ᠠᠴᠠ ᠴᠠᠭᠠᠨ ᠨᠣᠭᠤᠭ᠎ᠠ ᠶᠢᠨ ᠳᠠᠷᠢᠬᠤ ᠴᠠᠭ ᠨᠢ ᠣᠷᠣᠶᠢᠲᠠᠭᠰᠠᠨ ᠠᠴᠠ | ᠪᠣᠯᠵᠣ ᠪᠣᠷᠣᠯᠠᠭᠤᠯᠬᠤ ᠬᠠᠮᠤᠭ ᠤᠨ ᠰᠠᠶᠢᠨ ᠴᠠᠭ ᠢ ᠠᠯᠳᠠᠭᠰᠠᠨ ᠪᠠᠶᠢᠨ᠎ᠠ᠃ ᠶᠡᠭᠡ ᠰᠢᠭᠡᠲᠡᠢ ᠪᠠᠯᠭᠠᠰᠣᠨ ᠠᠴᠠ ᠲᠠᠷᠢᠶᠠᠴᠢᠨ ᠤ ᠪᠠᠴᠢᠮᠳᠠᠵᠤ ᠵᠣᠪᠠᠭ᠋ᠤ | ᠪᠠᠶᠢᠭ᠎ᠠ ᠶᠢ ᠠᠩᠬᠠᠷᠴᠤ᠂ ᠰᠠᠨᠠᠭᠠᠴᠢᠯᠠᠭ᠎ᠠ ᠠᠴᠠ ᠪᠠᠨ ᠬᠠᠷᠢᠭᠤᠴᠠᠯᠭ᠎ᠠ ᠡᠭᠦᠷᠭᠡᠯᠡᠨ᠂ ᠪᠠᠯᠭᠠᠰᠤᠨ ᠤ ᠵᠠᠰᠠᠭ ᠤᠨ ᠣᠷᠳᠣᠨ ᠠᠴᠠ ᠰᠢᠭᠡᠲᠡᠢ ᠠᠷᠢᠬᠢᠨ ᠤ | ᠦᠢᠯᠡᠰ᠂ ᠾᠧ ᠰᠢᠩ ᠺᠣᠮᠫᠠᠨᠢ ᠵᠡᠷᠭᠡ ᠲᠣᠰ ᠭᠠᠵᠠᠷ ᠤᠨ 2 ᠬᠥᠲᠥᠴᠢ ᠠᠵᠤ ᠠᠬᠤᠶᠢᠯᠠᠯ ᠵᠢᠴᠢ ᠵᠢᠶᠠ ᠵᠧᠩ ᠳ᠋ᠧ ᠲᠠᠷᠢᠶᠠᠯᠠᠩ ᠤᠨ ᠠᠷᠠᠯᠵᠢᠶᠠᠨ ᠤ | ᠲᠤᠰᠬᠠᠶ ᠬᠤᠷᠰᠢᠶ᠎ᠠ᠂ ᠶᠡᠭᠡ ᠰᠢᠭᠡᠲᠡᠢ ᠷᠦᠢ ᠴᠢᠤᠸᠠᠨ ᠾᠧᠩ ᠲᠡᠵᠢᠭᠡᠨ ᠦᠷᠡᠵᠢᠭᠦᠯᠬᠦ ᠲᠤᠰᠬᠠᠶ ᠬᠤᠷᠰᠢᠶ᠎ᠠ ᠳᠤ ᠨᠢᠭᠡ ᠪᠦᠯᠦᠭ ᠢ ᠲᠥᠪᠯᠡᠷᠡᠭᠦᠯᠦᠨ | ᠪᠣᠷᠣᠯᠠᠭᠤᠯᠵᠤ᠂ ︽ᠪᠣᠷᠣᠯᠠᠭᠤᠯᠭ᠎ᠠ ᠮᠠᠭᠤᠲᠠᠢ ᠨᠣᠭᠤᠭ᠎ᠠ︾ ᠶᠢ ︽ᠰᠡᠳᠬᠢᠯ ᠢ ᠳᠤᠯᠠᠭᠠᠴᠠᠭᠤᠯᠤᠭᠰᠠᠨ ᠨᠣᠭᠤᠭ᠎ᠠ︾ ᠪᠣᠯᠭᠠᠨ ᠬᠤᠪᠢᠷᠠᠭᠤᠯᠪᠠ᠃ | ᠳᠠᠷᠠᠭᠠᠴᠢ ᠶᠢᠨ ᠠᠯᠬᠤᠮ ᠳᠤ᠂ ᠶᠡᠭᠡ ᠰᠢᠭᠡᠲᠡᠢ ᠪᠠᠯᠭᠠᠰᠤ ᠦᠨᠳᠦᠰᠦᠲᠡᠨ ᠨᠦᠭᠦᠳ ᠤᠨ ᠤᠯᠠᠨ ᠲᠦᠮᠡᠨ ᠤ ᠬᠡᠷᠡᠭᠴᠡᠭᠡ ᠶᠢ ᠦᠷᠭᠦᠯᠵᠢᠯᠡᠨ | ᠠᠩᠬᠠᠷᠴᠤ᠂ ︽ᠵᠠᠰᠠᠭ ᠠᠵᠤ ᠠᠬᠤᠶᠢᠯᠠᠯ ᠲᠣᠰᠬᠤᠨ︾ ᠭᠤᠷᠪᠠᠨ ᠲᠠᠯ᠎ᠠ ᠶᠢᠨ ᠬᠤᠯᠪᠣᠭᠠᠯᠠᠨ ᠬᠥᠳᠡᠯᠦᠯᠴᠡᠬᠦ ᠦᠢᠯᠡᠳᠦᠯ ᠢ ᠲᠠᠰᠤᠷᠠᠯᠲᠠ ᠦᠭᠡᠢ | ᠪᠠᠳᠠᠷᠠᠭᠤᠯᠵᠤ᠂ ᠵᠠᠭᠤᠴᠢᠯᠠᠭᠤᠷ ᠤᠨ ᠲᠠᠪᠴᠠᠩ ᠢ ᠠᠰᠢᠭᠯᠠᠨ ᠦᠢᠯᠡᠳᠪᠦᠷᠢᠯᠡᠯ ᠪᠣᠷᠤᠯᠠᠭᠤᠯᠭ᠎ᠠ ᠶᠢᠨ ᠬᠤᠶᠠᠷ ᠲᠠᠯ᠎ᠠ ᠶᠢ ᠣᠨᠣᠪᠴᠢᠲᠠᠢ ᠬᠤᠯᠪᠣᠵᠤ᠂ | ᠲᠠᠷᠢᠶᠠᠯᠠᠩ ᠬᠤᠳᠠᠯᠳᠤᠭᠠᠨ ᠤ ᠵᠣᠯᠭᠠᠯᠴᠠᠭ᠎ᠠ ᠶᠢ ᠠᠬᠢᠭᠤᠯᠵᠤ᠂ ᠲᠠᠷᠢᠶᠠᠴᠢᠨ ᠡᠷᠦᠬᠡ ᠶᠢ ᠬᠠᠪᠰᠤᠷᠤᠨ ᠪᠣᠷᠣᠯᠠᠭᠤᠯᠭ᠎ᠠ ᠶᠢᠨ ᠵᠠᠮ ᠨᠡᠭᠡᠭᠡᠵᠦ᠂ | ᠲᠠᠷᠢᠶᠠᠯᠠᠩ ᠤᠨ ᠪᠦᠲᠦᠭᠡᠭᠳᠡᠬᠦᠨ ᠤ ᠪᠣᠷᠣᠯᠠᠭᠤᠯᠭ᠎ᠠ ᠶᠢᠨ ᠬᠦᠴᠢᠷ ᠠᠰᠠᠭᠤᠳᠠᠯ ᠢ ᠰᠢᠢᠳᠪᠦᠷᠢᠯᠡᠵᠦ᠂ ᠲᠠᠷᠢᠶᠠᠴᠢᠨ ᠡᠷᠦᠬᠡ ᠶᠢᠨ ᠣᠷᠣᠯᠭ᠎ᠠ ᠶᠢ | ᠦᠷᠭᠦᠯᠵᠢᠯᠡᠨ ᠲᠣᠭᠲᠠᠭᠤᠨ ᠢᠶᠠᠷ ᠨᠡᠮᠡᠭᠳᠡᠭᠦᠯᠬᠦ ᠶᠢ ᠪᠠᠲᠤᠯᠠᠬᠤ ᠪᠣᠯᠤᠨ᠎ᠠ᠃ |