| | ᠦᠬᠠᠢ ᠬᠤᠳᠠ ᠥᠪᠥᠷ ᠮᠣᠩᠭᠤᠯ ᠤᠨ ᠪᠠᠷᠠᠭᠤᠨ ᠡᠮᠦᠨᠡᠲᠦ | ᠬᠡᠰᠡᠭ ᠲᠤ ᠪᠠᠶᠢᠷᠢᠯᠠᠵᠤ᠂ ᠵᠡᠭᠦᠨᠰᠢ ᠣᠷᠳᠣᠰ ᠤᠨ | ᠲᠠᠢ ᠬᠥᠷᠰᠢᠯᠡᠵᠦ᠂ ᠡᠮᠦᠨᠡᠰᠢ ᠪᠠᠨ ᠨᠢᠩᠰᠢᠶᠠ ᠶᠢᠨ ᠬᠤᠲᠣᠩ | ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠤ ᠱᠢ ᠽᠦᠢ | ᠱᠠᠨ ᠬᠤᠳᠠ ᠲᠠᠢ ᠭᠤᠣᠯ ᠠᠯᠤᠰᠯᠠᠨ ᠪᠠᠷᠠᠯᠠᠵᠤ᠂ | ᠪᠠᠷᠠᠭᠤᠨᠰᠢ ᠪᠠᠨ ᠠᠯᠠᠱᠠ ᠵᠡᠭᠦᠨ ᠬᠤᠰᠢᠭᠤ ᠲᠠᠢ | ᠵᠠᠯᠭᠠᠯᠳᠤᠵᠤ᠂ ᠤᠮᠠᠷᠠᠰᠢ ᠪᠠᠨ ᠪᠣᠷᠣᠳᠣᠬᠤᠢ ᠶᠢᠨ ᠲᠠᠯ᠎ᠠ | ᠭᠠᠵᠠᠷ ᠲᠠᠢ ᠬᠠᠪᠢᠳᠠᠵᠤ ᠪᠤᠢ᠃ ᠠᠳᠡᠬᠢ ᠰᠣᠶᠣᠯ ᠤᠨ ᠥᠪ | ᠡᠯᠪᠡᠭ ᠪᠠᠶᠠᠯᠢᠭ᠂ ᠤᠷᠠᠨ ᠳᠥᠰᠢ ᠠᠭᠤᠯᠠ ᠶᠢᠨ ᠬᠠᠳᠠᠨ | ᠵᠢᠷᠤᠭ᠂ ᠰᠢᠨ ᠳ᠋ᠢ ᠡᠷᠲᠡᠨ ᠤ ᠬᠤᠲᠠ ᠵᠢᠴᠢ ᠡᠷᠭᠢᠨ | ᠲᠣᠭᠤᠷᠢᠨ ᠤ ᠣᠩᠭᠤᠨ᠂ ᠬᠠᠶᠢᠷᠤᠪ ᠤᠨ ᠲᠣᠬᠤᠢ ᠶᠢᠨ | ᠪᠠᠭᠤᠷᠢ᠂ ᠴᠢᠨ ᠤᠯᠤᠰ ᠤᠨ ᠤᠷᠲᠤ ᠴᠠᠭᠠᠨ ᠬᠡᠷᠡᠮ ᠁ ᠪᠤᠢ᠃ | ᠲᠠᠯ᠎ᠠ ᠨᠤᠲᠤᠭ ᠤᠨ ᠰᠣᠶᠣᠯ᠂ ᠬᠠᠲᠤᠨ ᠭᠤᠣᠯ ᠤᠨ ᠰᠣᠶᠣᠯ᠂ | ᠳ᠋ᠠ ᠶᠣᠣ ᠶᠢᠨ ᠰᠣᠶᠣᠯ᠂ ᠣᠷᠳᠣᠰ ᠤᠨ ᠬᠦᠷᠡᠯ ᠵᠡᠪᠰᠡᠭ ᠤᠨ | ᠰᠣᠶᠣᠯ᠂ ᠬᠠᠳᠠᠨ ᠵᠢᠷᠤᠭ ᠤᠨ ᠰᠣᠶᠣᠯ ᠠᠳᠡ ᠰᠣᠯᠪᠢᠴᠠᠨ | ᠠᠭᠤᠰᠤᠯᠴᠠᠵᠤ᠂ ᠥᠨᠢ ᠤᠳᠠᠭᠠᠨ ᠲᠡᠦᠬᠡ ᠲᠠᠢ᠂ ᠥᠪᠡᠷᠮᠢᠴᠡ | ᠣᠨᠴᠠᠯᠢᠭ ᠲᠠᠢ᠂ ᠳᠦᠷᠪᠡᠨ ᠵᠦᠭ ᠢ ᠠᠭᠤᠰᠤᠯᠴᠠᠭᠤᠯᠤᠭᠰᠠᠨ | ᠥᠪᠥᠷ ᠮᠣᠩᠭᠤᠯ ᠤᠨ ᠬᠠᠳᠤᠨ ᠭᠤᠣᠯ ᠤᠨ ᠰᠣᠶᠣᠯ ᠢ ᠪᠤᠢ | ᠪᠣᠯᠭᠠᠵᠠᠢ᠃ | | ᠠᠭᠤᠯᠠ ᠭᠤᠣᠯ ᠢ ᠲᠣᠭᠤᠷᠢᠨ ᠮᠢᠩᠭᠠᠨ ᠣᠨ ᠢ ᠰᠤᠨᠳᠠᠯᠠᠨ᠎ᠠ | | | ᠬᠠᠳᠤᠨ ᠭᠤᠣᠯ ᠮᠢᠩᠭᠠᠨ ᠤᠷᠤᠰᠬᠠᠯ ᠢ ᠬᠠᠮᠤᠷᠴᠤ᠂ | ᠨᠢᠩᠰᠢᠶᠠ ᠶᠢᠨ ᠱᠢ ᠽᠦᠢ ᠱᠠᠨ ᠠᠭᠤᠯᠠ ᠶᠢ ᠥᠩᠭᠡᠷᠡᠭᠡᠳ᠂ | ᠤᠮᠠᠷᠠᠰᠢ ᠶᠡᠭᠡ ᠲᠤᠬᠠᠢ ᠶᠢᠨ ᠠᠶᠠᠨ ᠢᠶᠠᠨ | ᠡᠬᠢᠯᠡᠭᠦᠯᠳᠡᠭ᠃ ᠯᠠᠮᠠ ᠶᠢᠨ ᠲᠣᠬᠤᠢ ᠠᠴᠠ ᠬᠠᠶᠢᠷᠤᠪ ᠤᠨ | ᠲᠣᠬᠤᠢ ᠬᠦᠷᠲᠡᠯᠡᠬᠢ ᠬᠡᠰᠡᠭ ᠨᠢ ᠶᠡᠷᠦ ᠠᠴᠠ ᠬᠠᠲᠤᠨ | ᠭᠤᠣᠯ ᠤᠨ ᠠᠯᠲᠠᠨ ᠪᠦᠰᠡ ᠭᠡᠳᠡᠭ ᠨᠡᠷ᠎ᠡ ᠲᠠᠢ ᠶᠤᠮ᠂ | ᠬᠠᠶᠢᠷᠤᠪ ᠤᠨ ᠲᠣᠬᠤᠢ ᠳᠠᠬᠢ ᠦᠬᠠᠢ ᠬᠤᠲᠠ ᠪᠣᠯ ᠡᠨᠡ ᠬᠦ | ᠠᠯᠲᠠᠨ ᠪᠦᠰᠡᠨ ᠳᠡᠭᠡᠷᠡᠬᠢ ᠨᠢᠭᠡᠨ ᠬᠡᠷᠡᠯᠳᠦ ᠰᠤᠪᠤᠳ | ᠪᠣᠯᠣᠨ᠎ᠠ᠂ ᠬᠠᠲᠤᠨ ᠭᠤᠣᠯ ᠤᠨ ᠳᠤᠮᠳᠠᠳᠤ ᠤᠷᠤᠰᠬᠠᠯ ᠨᠢ | ᠡᠮᠦᠨᠡᠰᠢ ᠤᠮᠠᠷᠠᠰᠢ ᠪᠠᠷ ᠨᠡᠪᠲᠡᠷᠡᠵᠦ ᠪᠠᠶᠢᠳᠠᠭ᠃ | | | | | | | | | ᠤᠷᠠᠨ ᠳᠥᠰᠢ ᠠᠭᠤᠯᠠ ᠶᠢᠨ ᠬᠠᠳᠠᠨ ᠵᠢᠷᠤᠭ ᠤᠨ | ᠰᠦᠷᠦᠭᠵᠢᠯ ᠳᠤ ᠵᠤᠭᠤᠰᠤᠳᠤ ᠶᠢᠨ ᠭᠤᠣᠯ ᠤᠨ ᠬᠠᠳᠠᠨ | ᠵᠢᠷᠤᠭ ᠨᠢ ᠮᠠᠰᠢ ᠲᠥᠯᠥᠭᠡᠯᠡᠬᠦ ᠴᠢᠨᠠᠷᠲᠠᠢ᠃ | ᠸᠠᠩ ᠬᠠᠨ ᠲᠢᠩ ᠰᠡᠭᠦᠳᠡᠷᠯᠡᠪᠡ | | | ᠭᠠᠵᠠᠷ ᠵᠦᠢ ᠶᠢᠨ ᠪᠠᠶᠢᠳᠠᠯ ᠠᠴᠠ ᠠᠪᠴᠤ ᠬᠡᠯᠡᠪᠡᠯ᠂ | ᠦᠬᠠᠢ ᠶᠢᠨ ᠣᠷᠣᠰᠢᠵᠤ ᠪᠦᠬᠦᠢ ᠨᠠᠷᠢᠨ ᠣᠷᠳᠣ ᠪᠦᠰᠡᠯᠢᠭ | ᠣᠷᠣᠨ ᠨᠢ ᠶᠠᠭ ᠰᠠᠶᠢᠬᠠᠨ ᠮᠣᠩᠭᠤᠯ ᠤᠨ ᠥᠨᠳᠦᠷᠯᠢᠭ ᠪᠣᠯᠣᠨ | ᠰᠢᠷ᠎ᠠ ᠬᠥᠷᠥᠰᠥᠲᠦ ᠥᠨᠳᠦᠷᠯᠢᠭ ᠤᠨ ᠠᠭᠤᠯᠵᠠᠷ ᠣᠷᠣᠨ ᠳᠤ | ᠣᠷᠣᠰᠢᠵᠤ᠂ ᠳᠣᠯᠭᠢᠶᠠᠯᠠᠨ ᠤᠷᠤᠰᠬᠤ ᠬᠠᠲᠤᠨ ᠭᠤᠣᠯ | ᠲᠡᠭᠦᠨ ᠢ ᠲᠠᠰᠤᠯᠵᠤ᠂ 川 ᠥᠰᠥᠭ ᠤᠨ ᠬᠡᠯᠪᠡᠷᠢᠲᠦ ᠭᠠᠵᠠᠷ | ᠣᠷᠣᠨ ᠪᠣᠯᠤᠭᠰᠠᠨ ᠪᠠᠶᠢᠨ᠎ᠠ᠃ ᠵᠡᠭᠦᠨ ᠲᠠᠯ᠎ᠠ ᠨᠢ | ᠡᠮᠦᠨᠡᠰᠢ ᠤᠮᠠᠷᠠᠰᠢ ᠴᠢᠭᠯᠡᠯ ᠲᠠᠢ ᠤᠷᠠᠨ ᠳᠥᠰᠢ ᠠᠭᠤᠯᠠ᠂ | ᠪᠠᠷᠠᠭᠤᠨ ᠲᠠᠯ᠎ᠠ ᠨᠢ ᠤᠯᠠᠭᠠᠨᠪᠤᠬ᠎ᠠ ᠶᠢᠨ ᠡᠯᠡᠰᠦ᠂ | ᠳᠤᠮᠳᠠ ᠨᠢ ᠡᠮᠦᠨ᠎ᠡ ᠠᠴᠠ ᠤᠮᠠᠷᠠᠰᠢ ᠤᠷᠤᠰᠬᠤ ᠬᠠᠲᠤᠨ | ᠭᠤᠣᠯ ᠪᠠᠶᠢᠵᠤ᠂ ᠦᠬᠠᠢ ᠶᠢᠨ ᠣᠷᠣᠰᠢᠵᠤ ᠪᠠᠶᠢᠭ᠎ᠠ ᠡᠨᠡ ᠬᠦ | ᠨᠠᠷᠢᠨ ᠤᠷᠲᠤ ᠪᠦᠰᠡᠯᠢᠭ ᠣᠷᠣᠨ ᠢ ᠦᠬᠠᠢ ᠶᠢᠨ ᠵᠠᠮ ᠭᠤᠳᠣᠩ | ᠪᠤᠶᠤ ᠦᠬᠠᠢ ᠶᠢᠨ ᠬᠤᠩᠭᠢᠯ ᠭᠡᠳᠡᠭ᠃ ᠦᠬᠠᠢ ᠪᠣᠯ | ᠣᠷᠳᠣᠰ ᠤᠨ ᠥᠨᠳᠦᠷᠯᠢᠭ ᠤᠨ ᠪᠠᠷᠠᠭᠤᠨ ᠬᠤᠶᠢᠲᠤ | ᠪᠤᠯᠤᠩ ᠳᠤ ᠪᠠᠶᠢᠷᠢᠯᠠᠵᠤ᠂ ᠬᠠᠳᠤᠨ ᠭᠤᠣᠯ ᠡᠮᠦᠨ᠎ᠡ ᠠᠴᠠ | ᠤᠮᠠᠷᠠᠰᠢ ᠬᠡᠷᠴᠢᠨ ᠥᠩᠭᠡᠷᠡᠵᠦ᠂ ᠦᠬᠠᠢ ᠶᠢ ᠭᠤᠣᠯ ᠤᠨ | ᠵᠡᠭᠦᠨ᠂ ᠪᠠᠷᠠᠭᠤᠨ ᠭᠡᠬᠦ ᠬᠤᠶᠠᠷ ᠭᠠᠵᠠᠷ ᠵᠦᠢ ᠶᠢᠨ | ᠨᠢᠭᠡᠴᠢ ᠪᠣᠯᠭᠠᠨ ᠬᠤᠪᠢᠶᠠᠳᠠᠭ᠃ ᠭᠤᠣᠯ ᠤᠨ ᠪᠠᠷᠠᠭᠤᠨ | ᠲᠠᠯ᠎ᠠ ᠶᠢᠨ ᠠᠭᠤᠯᠠᠷᠬᠠᠭ ᠭᠠᠵᠠᠷ ᠨᠢ ᠠᠯᠠᠱᠠ ᠠᠭᠤᠯᠠ | ᠨᠢᠷᠤᠭᠤ ᠳᠤ ᠬᠠᠷᠢᠶᠠᠯᠠᠭᠳᠠᠵᠤ᠂ ᠭᠤᠣᠯ ᠤᠨ ᠵᠡᠭᠦᠨ | ᠲᠠᠯ᠎ᠠ ᠳᠤ ᠨᠢᠩᠰᠢᠶᠠ ᠪᠣᠯᠣᠨ ᠦᠬᠠᠢ ᠶᠢᠨ ᠠᠭᠤᠯᠵᠠᠷ ᠤᠨ | ᠱᠢ ᠽᠦᠢ ᠽᠢ ᠬᠡᠮᠡᠬᠦ ᠭᠠᠵᠠᠷ ᠪᠠᠶᠢᠵᠤ᠂ ᠲᠡᠦᠬᠡᠨ | ᠳᠡᠭᠡᠷᠡᠬᠢ ᠮᠣᠩᠭᠤᠯ ᠪᠣᠯᠣᠨ ᠪᠠᠷᠠᠭᠤᠨ ᠰᠢᠶᠠ ᠤᠯᠤᠰ ᠲᠤ | ᠡᠭᠦᠰᠦᠭᠰᠠᠠ ᠴᠢᠬᠤᠯᠠ ᠳᠠᠶᠢᠨ ᠤ ᠭᠠᠵᠠᠷ ᠪᠤᠯᠬᠤ ᠺᠧ ᠢ ᠮᠧᠨ | ᠬᠠᠭᠠᠯᠭ᠎ᠠ ᠪᠠᠶᠢᠵᠤ᠂ ᠱᠢ ᠽᠦᠢ ᠽᠢ ᠠᠴᠠ ᠤᠮᠠᠷᠠᠰᠢ | ᠨᠢᠩᠰᠢᠶᠠ ᠶᠢᠨ ᠲᠠᠯ᠎ᠠ ᠭᠠᠵᠠᠷ ᠢᠶᠠᠷ ᠥᠩᠭᠡᠷᠡᠵᠦ᠂ | ᠤᠯᠠᠭᠠᠨᠪᠤᠬ᠎ᠠ ᠡᠯᠡᠰᠦᠨ ᠳᠤ ᠭᠦᠷᠳᠡᠭ ᠪᠠᠶᠢᠨ᠎ᠠ᠃ | | | | | | | | ᠣᠷᠳᠣᠰ ᠬᠤᠲᠠ ᠶᠢᠨ ᠣᠲᠤᠭ ᠬᠤᠰᠢᠭᠤᠨ ᠤ ᠣᠪᠣᠭᠠᠲᠤ ᠳᠠᠬᠢ | ᠹᠧᠩ ᠬᠤᠸᠠᠩ ᠱᠠᠨ ᠬᠠᠨ ᠤᠯᠤᠰ ᠤᠨ ᠣᠩᠭᠤᠨ ᠤ ᠬᠠᠨ᠎ᠠ ᠶᠢᠨ | ᠵᠢᠷᠤᠭ | ᠪᠠᠷᠤᠭ 6800 ᠵᠢᠯ ᠤᠨ ᠡᠮᠦᠨ᠎ᠡ᠂ ᠵᠦᠩᠶᠤᠸᠠᠨ ᠣᠷᠣᠨ ᠤ | ᠳᠣᠲᠣᠷ᠎ᠠ ᠭᠠᠵᠠᠷ ᠠᠴᠠ ᠢᠷᠡᠭᠰᠡᠨ ᠰᠢᠨ᠎ᠡ ᠴᠢᠯᠠᠭᠤᠨ | ᠵᠡᠪᠰᠡᠭ ᠤᠨ ᠦᠶ᠎ᠡ ᠶᠢᠨ ᠶᠠᠩᠱᠤᠤ ᠶᠢᠨ ᠰᠣᠶᠣᠯ ᠤᠨ | ᠲᠠᠷᠢᠶᠠᠴᠢᠳ ᠪᠣᠷᠣᠳᠣᠬᠤᠢ ᠣᠷᠣᠨ ᠳᠤ ᠢᠷᠡᠵᠦ | ᠰᠠᠭᠤᠷᠢᠰᠢᠪᠠ᠃ ᠶᠠᠩᠱᠤᠤ ᠶᠢᠨ ᠰᠣᠶᠣᠯ ᠢ ᠭᠥᠷᠳᠡᠭᠰᠡᠨ | ᠬᠥᠮᠥᠰ ᠥᠩᠭᠡᠲᠦ ᠸᠠᠭᠠᠷ ᠪᠣᠯᠣᠨ ᠲᠡᠭᠡᠷᠮ᠎ᠡ ᠶᠢᠨ | ᠴᠢᠯᠠᠭᠤᠨ ᠵᠡᠪᠰᠡᠭ ᠢ ᠬᠡᠷᠡᠭᠯᠡᠨ᠂ ᠪᠠᠯᠠᠷ ᠡᠷᠲᠡᠨ ᠤ | ᠲᠠᠷᠢᠶᠠᠯᠠᠩ ᠡᠷᠭᠢᠯᠡᠵᠦ᠂ ᠵᠢᠭᠠᠰᠤ ᠠᠩᠨᠠᠬᠤ᠂ ᠲᠡᠭᠦᠵᠦ | ᠴᠤᠭᠯᠠᠭᠤᠯᠬᠤ ᠵᠡᠷᠭᠡ ᠠᠵᠢᠯ ᠢ ᠬᠠᠮᠲᠤ ᠳᠤᠨᠢ ᠬᠢᠵᠦ᠂ | ᠲᠡᠳᠡᠠ ᠤ ᠣᠷᠣᠰᠢᠨ ᠰᠠᠭᠤᠷᠢᠰᠢᠵᠤ ᠪᠠᠶᠢᠭᠰᠠᠨ ᠬᠠᠮᠤᠭ ᠤᠨ | ᠪᠠᠷᠠᠭᠤᠨ ᠬᠤᠶᠢᠲᠤ ᠣᠷᠣᠨ ᠨᠢ ᠳᠠᠷᠤᠢ ᠥᠨᠥᠳᠥᠷ ᠤᠨ | ᠦᠬᠠᠢ ᠶᠢᠨ ᠬᠡᠰᠡᠭ ᠪᠠᠶᠢᠵᠠᠢ᠃ ᠬᠦᠷᠡᠯ ᠵᠡᠪᠰᠡᠭ ᠤᠨ ᠴᠠᠭ | ᠦᠶ᠎ᠡ ᠳᠤ ᠣᠷᠣᠭᠰᠠᠨ ᠤ ᠳᠠᠷᠠᠭ᠎ᠠ᠂ ᠮᠤᠨᠢ ᠠᠭᠤᠯᠠ- ᠠᠯᠠᠱᠠ | ᠠᠭᠤᠯᠠᠨ ᠳᠤ ᠰᠠᠭᠤᠷᠢᠰᠢᠵᠤ ᠪᠠᠶᠢᠭ᠎ᠠ ᠬᠥᠮᠥᠰ ᠤᠨ | ᠦᠯᠡᠳᠡᠭᠡᠭᠰᠡᠨ ᠰᠣᠶᠣᠯ ᠤᠨ ᠦᠯᠡᠳᠡᠭᠳᠡᠯ ᠳᠤ ᠭᠤᠣᠯᠳᠠᠭᠤ | ᠴᠢᠯᠠᠭᠤᠨ ᠣᠩᠭᠤᠨ᠂ ᠬᠠᠳᠠᠨ ᠵᠢᠷᠤᠭ ᠭᠡᠵᠦ ᠬᠤᠶᠠᠷ ᠲᠥᠷᠥᠯ | ᠪᠠᠶᠢᠳᠠᠭ᠃ ᠬᠠᠲᠠᠨ ᠵᠢᠷᠤᠭ ᠤᠨ ᠠᠭᠤᠯᠭ᠎ᠠ ᠠᠴᠠ ᠦᠵᠡᠪᠡᠯ᠂ | ᠠᠩ ᠠᠩᠨᠠᠯ ᠢᠶᠠᠷ ᠭᠤᠣᠯᠯᠠᠵᠤ ᠪᠠᠶᠢᠭᠰᠠᠨ ᠢᠶᠠᠷ ᠪᠠᠷᠠᠬᠤ | ᠦᠭᠡᠢ ᠨᠡᠭᠦᠳᠡᠯ ᠠᠩᠨᠠᠯ ᠢᠶᠠᠷ ᠭᠤᠣᠯᠯᠠᠵᠤ ᠪᠠᠶᠢᠵᠠᠢ᠃ | ᠣᠳᠣᠬᠠᠨ ᠪᠤᠯᠳᠠᠯ᠎ᠠ ᠦᠬᠠᠢ ᠣᠷᠣᠨ ᠳᠤ ᠣᠨ ᠵᠢᠯ ᠢᠶᠠᠷ | ᠬᠠᠮᠤᠭ ᠤᠨ ᠡᠷᠲᠡᠨ ᠤ ᠪᠠᠭᠤᠷᠢ ᠶᠢ ᠢᠯᠡᠷᠡᠭᠦᠯᠪᠡ᠂ ᠡᠨᠡ | ᠪᠠᠭᠤᠷᠢ ᠨᠢ ᠳᠠᠷᠤᠢ ᠰᠢᠨ᠎ᠡ ᠴᠢᠯᠠᠭᠤᠨ ᠵᠡᠪᠰᠡᠭ ᠤᠨ | ᠦᠶ᠎ᠡ ᠶᠢᠨ ᠬᠠᠶᠢᠷᠤᠪ ᠤᠨ ᠲᠣᠬᠤᠢ ᠶᠢᠨ ᠪᠠᠭᠤᠷᠢ ᠪᠠᠶᠢᠵᠤ᠂ | ᠬᠦᠷᠡᠯ ᠵᠡᠪᠰᠡᠭ ᠤᠨ ᠦᠶ᠎ᠡ ᠳᠤ ᠡᠨᠡ ᠭᠠᠵᠠᠷ ᠣᠷᠣᠨ ᠳᠤ | ᠠᠩᠴᠢᠳ ᠤᠨ ᠰᠦᠷᠦᠭᠵᠢᠯ ᠤᠨ ᠬᠥᠳᠡᠯᠭᠡᠭᠡᠨ ᠲᠠᠢ | ᠪᠠᠶᠢᠭᠰᠠᠨ ᠢ ᠭᠡᠷᠡᠴᠢᠯᠡᠵᠡᠢ᠃ ᠤᠷᠠᠨ ᠳᠥᠰᠢ ᠠᠭᠤᠯᠠ ᠨᠢ | ᠠᠯᠠᠱᠠ ᠠᠭᠤᠯᠠ ᠨᠢᠷᠤᠭᠤ ᠪᠣᠯᠤᠭᠰᠠᠨ ᠤ ᠬᠤᠪᠢ ᠳᠤ᠂ ᠮᠤᠨᠢ | ᠠᠭᠤᠯᠠ - ᠠᠯᠠᠱᠠ ᠠᠭᠤᠯᠠ ᠶᠢᠨ ᠬᠠᠳᠠᠨ ᠵᠢᠷᠤᠭ ᠤᠨ | ᠪᠦᠰᠡᠨ ᠳᠠᠬᠢ ᠴᠣᠷ ᠤᠨ ᠭᠠᠭᠴᠠ ᠬᠠᠲᠤᠨ ᠭᠤᠣᠯ ᠤᠨ | ᠬᠡᠰᠡᠭ ᠲᠤ ᠬᠠᠳᠠᠨ ᠵᠢᠷᠤᠭ ᠤᠨ ᠣᠷᠣᠨ ᠪᠣᠯᠤᠭᠰᠠᠨ | ᠪᠠᠶᠢᠨ᠎ᠠ᠃ | | | | | | | ᠰᠢᠨ ᠳ᠋ᠢ ᠡᠷᠲᠡᠨ ᠤ ᠬᠤᠲᠠ ᠶᠢᠨ ᠪᠠᠭᠤᠷᠢ ᠠᠴᠠ | ᠣᠯᠳᠠᠭᠰᠠᠨ ᠪᠠᠷᠠᠭᠤᠨ ᠬᠠᠨ ᠤᠯᠤᠰ ᠤᠨ ᠳᠥᠷᠪᠡᠨ | ᠪᠥᠮᠪᠥᠷᠭᠡᠨ ᠲᠠᠢ ᠤᠳᠤᠨ ᠭᠠᠷᠠᠭ ᠤᠨ ᠬᠡ ᠲᠠᠢ ᠵᠡᠰ ᠲᠣᠯᠢ | ᠴᠢᠨ᠂ ᠬᠠᠨ᠂ ᠲᠠᠩ ᠤᠯᠤᠰ ᠤᠨ ᠨᠡᠶᠢᠰᠯᠡᠯ ᠨᠢ ᠴᠥᠮ | ᠥᠨᠥᠳᠥᠷ ᠤᠨ ᠱᠠᠨᠰᠢ ᠶᠢᠨ ᠭᠤᠸᠠᠨᠵᠦ᠋ᠩ ᠣᠷᠣᠨ ᠳᠤ | ᠪᠠᠶᠢᠵᠤ᠂ ᠪᠣᠷᠣᠳᠣᠬᠤᠢ ᠶᠢᠨ ᠪᠠᠶᠢᠯᠳᠤᠬᠤ | ᠪᠣᠳᠣᠯᠭ᠎ᠠ ᠶᠢᠨ ᠴᠢᠬᠤᠯᠠ ᠪᠠᠶᠢᠷᠢ ᠰᠠᠭᠤᠷᠢ ᠶᠢ ᠡᠵᠡᠯᠡᠵᠦ | ᠪᠠᠶᠢᠪᠠ᠃ ᠴᠢᠨ ᠤᠯᠤᠰ᠂ ᠪᠠᠷᠠᠭᠤᠨ ᠬᠠᠨ ᠤᠯᠤᠰ ᠮᠤᠨᠢ ᠠᠭᠤᠯᠠ | ᠨᠢᠷᠤᠭᠤ ᠪᠠᠷ ᠣᠷᠳᠣ ᠴᠠᠭᠠᠨ ᠬᠡᠷᠡᠮ ᠪᠠᠶᠢᠭᠤᠯᠵᠤ᠂ ᠲᠠᠩ | ᠤᠯᠤᠰ ᠤᠨ ᠦᠶ᠎ᠡ ᠪᠤᠯᠬᠤ ᠳᠤ ᠶᠡᠭᠡ ᠬᠡᠮᠵᠢᠶᠡᠨ ᠤ | ᠴᠡᠷᠢᠭ ᠤᠨ ᠪᠠᠯᠭᠠᠰᠤ ᠪᠠᠶᠢᠭᠤᠯᠵᠠᠢ᠂ ᠡᠨᠡ ᠨᠢ ᠭᠤᠪᠢ ᠪᠠᠷ | ᠬᠠᠲᠤᠨ ᠭᠤᠣᠯ ᠢ ᠭᠡᠲᠦᠯᠵᠦ ᠨᠡᠶᠢᠰᠯᠡᠯ ᠴᠠᠩ ᠠᠨ ᠳᠤ | ᠬᠦᠷᠬᠦ ᠡᠭᠦᠳᠡ ᠪᠣᠯᠬᠤᠷ ᠤᠯᠤᠰ ᠤᠨ ᠤᠮᠠᠷᠠᠲᠤ ᠡᠭᠦᠳᠡ ᠂ | ᠬᠢᠯᠢ ᠬᠢᠵᠠᠭᠠᠷ ᠤᠨ ᠴᠢᠬᠤᠯᠠ ᠣᠷᠣᠨ ᠬᠡᠮᠡᠭᠳᠡᠵᠦ᠂ | ᠲᠠᠯ᠎ᠠ ᠨᠤᠲᠤᠭ ᠤᠨ ᠲᠣᠷᠭᠠᠨ ᠵᠠᠮ ᠳᠡᠭᠡᠷᠡᠬᠢ ᠣᠷᠣᠯᠠᠵᠤ | ᠪᠣᠯᠣᠰᠢ ᠦᠭᠡᠢ ᠵᠠᠮ ᠬᠠᠷᠢᠯᠴᠠᠭᠠᠨ ᠤ ᠭᠤᠣᠯ ᠬᠦᠢᠰᠦ ᠪᠠ | ᠰᠣᠯᠢᠯᠴᠠᠭᠠᠨ ᠤ ᠴᠢᠬᠤᠯᠠ ᠵᠠᠮ ᠪᠣᠯᠤᠭᠰᠠᠨ ᠪᠠᠶᠢᠨ᠎ᠠ᠃ | ᠦᠬᠠᠢ ᠣᠷᠣᠨ ᠨᠢ ᠬᠠᠲᠤᠨ ᠭᠤᠣᠯ ᠤᠨ ᠬᠥᠪᠡᠭᠡᠨ ᠳᠤ | ᠪᠠᠶᠢᠷᠢᠯᠠᠵᠤ᠂ ᠤᠰᠤᠨ ᠤ ᠡᠬᠢ ᠰᠤᠷᠪᠤᠯᠵᠢ ᠭᠦᠢᠴᠡᠳ᠂ | ᠠᠭᠤᠯᠠ ᠲᠠᠢ ᠲᠠᠯ᠎ᠠ ᠲᠠᠢ᠂ ᠶᠠᠭ ᠰᠠᠶᠢᠬᠠᠨ ᠪᠠᠷᠠᠭᠤᠨ | ᠰᠢᠶᠠ ᠤᠯᠤᠰ ᠤᠨ ᠵᠠᠰᠠᠭ ᠤᠨ ᠭᠠᠵᠠᠷ ᠤᠨ ᠬᠠᠮᠢᠶᠠᠷᠤᠨ | ᠡᠵᠡᠮᠳᠡᠬᠦ ᠬᠡᠪᠴᠢᠶᠡᠨ ᠳᠣᠲᠣᠷᠠᠬᠢ ᠡᠮᠦᠨ᠎ᠡ ᠤᠮᠠᠷ᠎ᠠ ᠶᠢ | ᠵᠠᠭᠠᠭᠯᠠᠭᠰᠠᠨ ᠳᠠᠪᠠᠭ᠎ᠠ ᠪᠣᠯᠣᠨ᠎ᠠ᠃ ᠪᠠᠷᠠᠭᠤᠨ ᠰᠢᠶᠠ | ᠤᠯᠤᠰ ᠤᠨ ᠦᠶ᠎ᠡ ᠳᠤ ᠨᠢᠩᠰᠢᠶᠠ ᠶᠢᠨ ᠲᠠᠯ᠎ᠠ ᠭᠠᠵᠠᠷ ᠲᠤ | ᠬᠠᠲᠤᠨ ᠭᠤᠣᠯ ᠪᠣᠯᠣᠨ ᠠᠯᠠᠱᠠ ᠠᠭᠤᠯᠠ ᠶᠢᠨ | ᠪᠠᠶᠢᠭᠠᠯᠢ ᠶᠢᠨ ᠦᠵᠡᠮᠵᠢᠲᠦ ᠣᠷᠣᠨ ᠪᠠᠶᠢᠵᠤ᠂ | ᠲᠡᠦᠬᠡᠨ ᠠᠴᠠ ᠠᠭᠤᠯᠠ ᠭᠤᠣᠯ ᠢ ᠲᠣᠭᠤᠷᠢᠭᠰᠠᠨ ᠠᠰᠢᠭᠲᠠᠢ | ᠭᠠᠵᠠᠷ ᠤᠨ ᠪᠠᠶᠢᠴᠠ ᠪᠦᠬᠦᠢ ᠬᠡᠯᠡᠯᠭᠡ ᠲᠠᠢ ᠪᠠᠶᠢᠳᠠᠭ᠂ | ᠬᠡᠷᠪᠡ ᠳᠡᠯᠭᠡᠷᠡᠩᠭᠦᠢ ᠤᠳᠬ᠎ᠠ ᠶᠢᠨ ᠭᠠᠵᠠᠷ ᠵᠦᠢ ᠶᠢᠨ | ᠬᠦᠷᠢᠶ᠎ᠡ ᠬᠡᠪᠴᠢᠶ᠎ᠡ ᠠᠴᠠ ᠠᠪᠴᠤ ᠦᠵᠡᠪᠡᠯ᠂ ᠦᠬᠠᠢ ᠣᠷᠣᠨ | ᠪᠣᠯ ᠳᠠᠷᠤᠢ ᠡᠨᠡ ᠬᠦ ᠠᠭᠤᠯᠠ ᠭᠤᠣᠯ ᠢ ᠲᠣᠭᠤᠷᠢᠭᠰᠠᠨ | ᠭᠠᠵᠠᠷ ᠤᠨ ᠬᠤᠶᠢᠲᠤ ᠬᠡᠰᠡᠭ ᠪᠣᠯᠣᠨ᠎ᠠ᠃ | | | | | | | | | ᠦᠬᠠᠢ ᠮᠦᠽᠧᠢ ᠳᠤ ᠬᠠᠳᠠᠭᠠᠯᠠᠭᠳᠠᠵᠤ ᠪᠠᠶᠢᠭ᠎ᠠ | ᠲᠣᠭᠤᠷᠢᠭ ᠬᠡᠯᠪᠡᠷᠢᠲᠦ ᠥᠯᠵᠡᠶᠢᠲᠦ ᠡᠭᠦᠯᠡᠨ ᠬᠡ ᠶᠢᠨ | ᠰᠡᠶᠢᠯᠦᠮᠡᠯ ᠪᠦᠬᠦᠢ ᠥᠨᠳᠥᠷ ᠬᠤᠨᠳᠠᠭ᠎ᠠ | ᠮᠢᠩ ᠤᠯᠤᠰ ᠤᠨ ᠦᠶ᠎ᠡ ᠳᠠᠬᠢ ᠦᠬᠠᠢ ᠣᠷᠣᠨ ᠪᠣᠯ | ᠨᠡᠭᠦᠳᠡᠯᠴᠢᠨ ᠦᠨᠳᠦᠰᠦᠲᠡᠨ ᠬᠢᠭᠡᠳ ᠲᠠᠷᠢᠶᠠᠯᠠᠬᠤ | ᠦᠨᠳᠦᠰᠦᠲᠡᠨ ᠰᠣᠯᠪᠢᠴᠠᠭᠰᠠᠨ ᠭᠠᠵᠠᠷ ᠣᠷᠣᠨ ᠪᠣᠯᠣᠨ᠎ᠠ᠃ | ᠦᠬᠠᠢ ᠶᠢᠨ ᠭᠠᠵᠠᠷ ᠵᠦᠢ ᠶᠢᠨ ᠴᠢᠬᠤᠯᠠ ᠪᠠᠶᠢᠷᠢᠯᠠᠯ ᠨᠢ | ᠭᠤᠣᠯ ᠢ ᠳᠠᠭᠠᠵᠤ ᠪᠠᠶᠢᠷᠢᠰᠢᠳᠠᠭ ᠪᠣᠯᠬᠤᠷ ᠡᠮᠦᠨ᠎ᠡ | ᠤᠮᠠᠷ᠎ᠠ ᠶᠢ ᠬᠤᠯᠪᠣᠭᠰᠠᠨ ᠢᠪᠴᠤᠤ ᠣᠷᠳᠣ ᠭᠠᠵᠠᠷ ᠤᠨ | ᠪᠠᠶᠢᠴᠠ ᠶᠢᠨ ᠣᠨᠴᠠᠯᠢᠭ ᠠᠴᠠ ᠪᠣᠯᠵᠤ ᠲᠣᠨᠣᠯᠵᠢᠨ ᠵᠠᠮ | ᠪᠤᠢ ᠪᠣᠯᠤᠭᠰᠠᠨ ᠪᠠᠶᠢᠨ᠎ᠠ᠃ ᠡᠮᠦᠨᠡᠰᠢ ᠤᠮᠠᠷᠠᠰᠢ ᠪᠠᠨ | ᠣᠲᠣ ᠶᠢᠨ ᠪᠣᠷᠣᠳᠣᠬᠤᠢ ᠶᠢᠨ ᠲᠠᠯ᠎ᠠ ᠭᠠᠵᠠᠷ ᠠᠴᠠ | ᠨᠢᠩᠰᠢᠶᠠ ᠬᠦᠷᠬᠦ ᠵᠠᠮ ᠪᠠᠶᠢᠵᠤ᠂ ᠵᠡᠭᠦᠨᠰᠢ ᠪᠠᠷᠠᠭᠤᠨᠰᠢ | ᠬᠠᠲᠤᠨ ᠭᠤᠣᠯ ᠤᠨ ᠣᠯᠣᠮ ᠪᠣᠯ ᠣᠷᠳᠣᠰ ᠤᠨ ᠥᠨᠳᠦᠷᠯᠢᠭ ᠠᠴᠠ | ᠠᠯᠠᠱᠠ ᠶᠢᠨ ᠲᠠᠯ᠎ᠠ ᠨᠤᠲᠤᠭ ᠲᠤ ᠬᠦᠷᠬᠦ ᠵᠠᠮ ᠪᠠᠶᠢᠵᠤ᠂ | ᠠᠯᠠᠱᠠ ᠠᠴᠠ ᠠᠯᠠᠱᠠ ᠠᠭᠤᠯᠠ ᠶᠢ ᠳᠠᠭᠠᠵᠤ ᠵᠥᠩ ᠸᠧᠢ ᠳᠤ | ᠬᠦᠷᠴᠦ᠂ ᠳᠠᠭᠢᠨ ᠰᠦᠩᠱᠠᠨ ᠢᠶᠠᠷ ᠳᠡᠮᠵᠢᠨ ᠭᠠᠨᠰᠤ᠂ | ᠬᠥᠬᠡᠨᠠᠭᠤᠷ ᠣᠷᠣᠨ ᠳᠤ ᠭᠦᠷᠳᠡᠭ᠃ ᠡᠭᠦᠨ ᠠᠴᠠ ᠦᠬᠠᠢ | ᠣᠷᠣᠨ ᠨᠢ ᠲᠤᠬᠠᠢ ᠶᠢᠨ ᠦᠶ᠎ᠡ ᠶᠢᠨ ᠤᠯᠠᠨ ᠦᠨᠳᠦᠰᠦᠲᠡᠨ ᠤ | ᠰᠣᠯᠢᠯᠴᠠᠭ᠎ᠠ᠂ ᠤᠯᠠᠨ ᠡᠰᠢᠲᠦ ᠰᠣᠶᠣᠯ ᠠᠭᠤᠰᠤᠯᠴᠠᠭᠰᠠᠨ | ᠪᠣᠭᠤᠮᠲᠠ ᠪᠤᠯᠬᠤ ᠶᠢ ᠦᠵᠡᠨ ᠭᠠᠷᠴᠤ ᠪᠣᠯᠣᠨ᠎ᠠ᠃ | ᠲᠡᠭᠦᠨ ᠠᠴᠠ ᠬᠤᠶᠢᠰᠢᠬᠢ ᠬᠡᠳᠦᠨ ᠵᠠᠭᠤᠨ ᠵᠢᠯ ᠤᠨ | ᠬᠤᠭᠤᠴᠠᠭᠠᠨ ᠳᠤ ᠦᠬᠠᠢ ᠣᠷᠣᠨ ᠨᠢ ᠡᠮᠦᠨ᠎ᠡ ᠤᠮᠠᠷ᠎ᠠ᠂ | ᠵᠡᠭᠦᠨ ᠪᠠᠷᠠᠭᠤᠨ ᠢ ᠬᠤᠯᠪᠣᠭᠰᠠᠨ ᠵᠠᠮ ᠬᠠᠷᠢᠯᠴᠠᠭᠠᠨ ᠤ | ᠴᠢᠬᠤᠯᠠ ᠭᠠᠵᠠᠷ ᠲᠤ ᠪᠠᠶᠢᠷᠢᠯᠠᠵᠤ ᠪᠠᠶᠢᠭᠰᠠᠨ ᠢᠶᠠᠷ | ᠬᠠᠳᠤᠨ ᠭᠤᠣᠯ ᠤᠨ ᠰᠠᠪᠠ ᠭᠠᠵᠠᠷ ᠤᠨ ᠮᠠᠰᠢ ᠴᠢᠬᠤᠯᠠ ᠵᠠᠮ | ᠪᠣᠯᠤᠭᠰᠠᠨ ᠪᠠᠶᠢᠨ᠎ᠠ᠃ | | | ᠲᠡᠭᠷᠢ ᠶᠢᠨ ᠪᠢᠴᠢᠭ ᠬᠠᠳᠠᠨ ᠵᠢᠷᠤᠭ ᠪᠤᠭᠤᠷᠤᠯ | ᠲᠡᠦᠬᠡ ᠶᠢ ᠬᠦᠦᠷᠨᠢᠨ᠎ᠡ | | | ᠣᠷᠳᠣᠰ ᠬᠤᠳᠠ ᠶᠢᠨ ᠤᠳᠤᠭ ᠬᠤᠰᠢᠭᠤ ᠪᠣᠯᠣᠨ ᠦᠬᠠᠢ | ᠬᠤᠳᠠ ᠶᠢᠨ ᠬᠠᠶᠢᠷᠤᠪ ᠤᠨ ᠲᠣᠬᠤᠢ ᠲᠣᠭᠤᠷᠢᠭ ᠤᠨ | ᠠᠭᠤᠯᠵᠠᠷ ᠲᠠᠬᠢ ᠤᠷᠠᠨ ᠳᠥᠰᠢ ᠠᠭᠤᠯᠠᠨ ᠭᠤᠤ ᠳᠤ ᠬᠡᠳᠦᠨ | ᠠᠷᠪᠠᠨ ᠭᠠᠵᠠᠷ ᠦᠷᠭᠦᠯᠵᠢᠯᠡᠭᠰᠡᠨ ᠠᠰᠬ᠎ᠠ ᠬᠠᠳᠠ ᠪᠣᠯᠣᠨ | ᠭᠤᠤ ᠶᠢᠨ ᠬᠥᠪᠡᠭᠡᠨ ᠳᠠᠬᠢ ᠴᠣᠬᠤᠢ ᠶᠢᠨ ᠬᠠᠳᠠᠨ ᠴᠢᠯᠠᠭᠤ | ᠳᠡᠭᠡᠷ᠎ᠡ ᠮᠠᠰᠢ ᠤᠯᠠᠨ ᠡᠷᠲᠡᠨ ᠤ ᠬᠥᠮᠥᠰ ᠤᠨ ᠦᠷᠦᠵᠦ | ᠰᠡᠶᠢᠯᠦᠭᠰᠡᠨ ᠬᠠᠳᠠᠨ ᠵᠢᠷᠤᠭ ᠤᠳ ᠲᠠᠷᠬᠠᠵᠤ ᠪᠤᠢ᠃ | ᠡᠳᠡᠭᠡᠷ ᠬᠠᠳᠠᠨ ᠵᠢᠷᠤᠭ ᠨᠢ ᠤᠮᠠᠷᠠᠲᠤ ᠸᠧᠢ ᠤᠯᠤᠰ ᠤᠨ | ᠰᠢᠶᠤᠤᠴᠠᠩ ᠤᠨ ᠦᠶ᠎ᠡ ᠨᠡᠶᠢᠲᠡ ᠶᠢᠨ ᠣᠨ ᠲᠣᠭᠠᠯᠠᠯ ᠤᠨ | 525 ᠣᠨ ᠠᠴᠠ 527 ᠣᠨ ᠲᠡᠮᠳᠡᠭᠯᠡᠵᠦ᠂ ᠯᠢ ᠳ᠋ᠣᠣ ᠶᠤᠸᠠᠨ | ᠵᠠᠷᠯᠢᠭ ᠢᠶᠠᠷ ᠤᠮᠠᠷᠠᠲᠤ ᠬᠢᠯᠢ ᠳᠤ ᠬᠦᠷᠴᠦ ᠯᠢᠦ ᠵᠧᠨ | ᠪᠠᠯᠭᠠᠰᠤ ᠶᠢ ᠵᠧᠦ ᠪᠣᠯᠭᠠᠨ ᠥᠭᠡᠷᠡᠴᠢᠯᠡᠬᠦ ᠦᠶ᠎ᠡ ᠳᠤ | ᠪᠦ᠋ ᠭᠦ᠋ ᠯᠢᠦᠢ ᠪᠠᠯᠭᠠᠰᠤᠨ ᠤᠳᠤ ᠶᠢᠨ ᠨᠢᠩᠰᠢᠶᠠ ᠶᠢᠨ | ᠯᠢᠩ ᠦ᠋ ᠬᠤᠳᠠ ᠶᠢᠨ ᠪᠠᠷᠠᠭᠤᠨ ᠡᠮᠦᠨᠡᠬᠢ ᠬᠠᠳᠤᠨ | ᠭᠤᠣᠯ ᠤᠨ ᠡᠯᠡᠰᠦᠨ ᠪᠦᠷᠢᠳᠦ ᠳᠤ ᠬᠦᠷᠴᠦ᠂ ᠤᠷᠠᠨ ᠳᠥᠰᠢ | ᠠᠭᠤᠯᠠ ᠪᠠᠷ ᠥᠩᠭᠡᠷᠡᠵᠡᠢ᠃ ᠡᠨᠡ ᠨᠢ ᠤᠷᠠᠨ ᠳᠥᠰᠢ | ᠠᠭᠤᠯᠠ ᠶᠢᠨ ᠲᠤᠬᠠᠢ ᠬᠠᠮᠤᠭ ᠤᠨ ᠡᠷᠲᠡᠨ ᠤ ᠲᠡᠦᠬᠡᠨ | ᠲᠡᠮᠳᠡᠭᠯᠡᠯ ᠪᠣᠯᠣᠨ᠎ᠠ᠃ ᠳᠤᠰ ᠠᠭᠤᠯᠠᠨ ᠭᠤᠤ ᠳᠤ ᠪᠠᠷᠤᠭ 20 | ᠭᠠᠷᠤᠢ ᠬᠠᠳᠠᠨ ᠵᠢᠷᠤᠭ ᠲᠠᠢ ᠭᠠᠵᠠᠷ ᠪᠠᠶᠢᠵᠤ᠂ 2500 ᠭᠠᠷᠤᠢ | ᠳᠠᠩ ᠪᠡᠶᠡᠲᠦ ᠵᠢᠷᠤᠭ ᠪᠤᠢ᠃ ᠡᠭᠦᠨ ᠤ ᠳᠣᠲᠣᠷ᠎ᠠ | ᠵᠤᠭᠤᠰᠤᠳᠤ ᠶᠢᠨ ᠭᠤᠣᠯ ᠤᠨ ᠬᠠᠳᠠᠨ ᠵᠢᠷᠤᠭ ᠨᠢ ᠳᠤᠮᠳᠠᠳᠤ | ᠤᠯᠤᠰ ᠤᠨ ᠬᠠᠳᠠᠨ ᠵᠢᠷᠤᠭ ᠤᠨ ᠭᠤᠶᠢᠳᠠ ᠪᠦᠲᠦᠭᠡᠯ | ᠬᠡᠮᠡᠭᠳᠡᠳᠡᠭ᠃ ᠡᠲᠡᠭᠡᠷ ᠬᠠᠲᠠᠨ ᠵᠢᠷᠤᠭ ᠨᠢ ᠬᠥᠮᠥᠨ ᠤ | ᠭᠦᠷᠥᠭ᠂ ᠠᠮᠢᠲᠠᠨ᠂ ᠠᠩ ᠠᠩᠨᠠᠯ᠂ ᠪᠥᠵᠢᠭ᠂ ᠮᠣᠷᠢᠲᠤ | ᠪᠠᠭᠠᠲᠤᠷ᠂ ᠲᠡᠮᠳᠡᠭ ᠵᠡᠷᠭᠡ ᠪᠠᠷ ᠭᠤᠣᠯᠯᠠᠵᠤ᠂ ᠬᠠᠲᠠᠨ | ᠵᠢᠷᠤᠭ ᠨᠢᠭᠡᠪᠦᠷᠢ ᠨᠢ ᠠᠰ ᠢᠶᠠᠷ ᠢᠶᠠᠨ ᠵᠢᠷᠤᠭ ᠪᠣᠯᠵᠤ᠂ | ᠭᠡᠯᠪᠡᠷᠢ ᠳᠦᠷᠰᠦ ᠨᠢ ᠠᠳᠠᠯᠢ ᠪᠤᠰᠤ ᠪᠠᠶᠢᠳᠠᠭ᠃ ᠬᠠᠳᠠᠨ | ᠵᠢᠷᠤᠭ ᠨᠢ ᠠᠯᠠᠱᠠ ᠠᠭᠤᠯᠠ᠂ ᠮᠤᠨᠢ ᠠᠭᠤᠯᠠ ᠶᠢᠨ ᠪᠠᠷᠠᠭᠤᠨ | ᠬᠡᠰᠡᠭ ᠤᠨ ᠯᠠᠩᠱᠠᠨ ᠠᠭᠤᠯᠠ ᠲᠠᠢ ᠣᠶᠢᠷᠠᠯᠴᠠᠭ᠎ᠠ | ᠪᠠᠶᠢᠵᠤ᠂ ᠡᠷᠲᠡᠨ ᠤ ᠦᠶ᠎ᠡ ᠳᠤ ᠴᠦ ᠠᠩ ᠠᠩᠨᠠᠯ᠂ | ᠨᠡᠭᠦᠳᠡᠯᠴᠢᠨ ᠠᠶᠢᠮᠠᠭ ᠤᠭᠰᠠᠭ᠎ᠠ ᠶᠢᠨ ᠠᠵᠤ ᠲᠦᠷᠤᠵᠤ | ᠪᠠᠶᠢᠭᠰᠠᠨ ᠭᠠᠵᠠᠷ ᠪᠣᠯᠬᠤᠷ ᠬᠤᠶᠠᠷ ᠭᠠᠵᠠᠷ ᠤᠨ ᠬᠠᠳᠠᠨ | ᠵᠢᠷᠤᠭ ᠤᠨ ᠰᠡᠳᠦᠪᠯᠡᠬᠦᠨ᠂ ᠤᠷᠠᠯᠢᠭ ᠤᠨ ᠬᠡᠪ ᠨᠠᠮᠪᠠ ᠪᠠ | ᠤᠷᠠᠯᠠᠵᠤ ᠰᠡᠶᠢᠯᠬᠦ ᠠᠷᠭ᠎ᠠ ᠨᠢ ᠪᠦᠷ ᠠᠳᠠᠯᠢᠪᠲᠤᠷ | ᠲᠠᠯ᠎ᠠ ᠲᠠᠢ᠃ ᠢᠯᠠᠩᠭᠤᠶ᠎ᠠ ᠬᠥᠮᠥᠨ ᠤ ᠭᠦᠷᠦᠭ ᠨᠢ ᠮᠤᠨᠢ | ᠠᠭᠤᠯᠠ ᠶᠢᠨ ᠬᠠᠳᠠᠨ ᠵᠢᠷᠤᠭ ᠲᠠᠢ ᠨᠡᠩ ᠣᠶᠢᠷᠠᠯᠴᠠᠭ᠎ᠠ | ᠪᠠᠶᠢᠵᠤ᠂ ᠨᠡᠭᠦᠳᠡᠯ ᠮᠠᠯᠵᠢᠯ ᠤᠨ ᠴᠢᠬᠤᠯᠠ ᠰᠣᠶᠣᠯ ᠤᠨ | ᠦᠯᠡᠳᠡᠭᠳᠡᠯ ᠪᠤᠯᠬᠤ ᠶᠤᠮ᠃ ᠤᠷᠠᠨ ᠳᠥᠰᠢ ᠠᠭᠤᠯᠠ ᠶᠢᠨ | ᠬᠠᠳᠠᠨ ᠵᠢᠷᠤᠭ ᠤᠨ ᠰᠦᠷᠦᠭ ᠪᠣᠯ ᠦᠬᠠᠢ ᠣᠷᠣᠨ ᠤ ᠬᠠᠮᠤᠭ ᠤᠨ | ᠲᠥᠯᠥᠭᠡᠯᠡᠬᠦ ᠴᠢᠨᠠᠷᠲᠠᠢ ᠲᠡᠦᠬᠡ ᠶᠢᠨ ᠳᠤᠷᠠᠰᠬᠠᠯᠲᠤ | ᠵᠦᠢᠯᠡᠰ ᠪᠣᠯᠣᠨ᠎ᠠ᠃ ᠬᠠᠲᠠᠨ ᠵᠢᠷᠤᠭ ᠤᠨ ᠰᠤᠳᠤᠯᠤᠯ ᠠᠴᠠ | ᠦᠵᠡᠪᠡᠯ᠂ ᠠᠳᠡᠬᠢ ᠬᠠᠲᠠᠨ ᠵᠢᠷᠤᠭ ᠪᠣᠯ ᠮᠠᠨ ᠤ ᠤᠯᠤᠰ ᠤᠨ | ᠤᠮᠠᠷᠠᠲᠤ ᠶᠢᠨ ᠬᠦᠷᠡᠯ ᠵᠡᠪᠰᠡᠭ ᠤᠨ ᠦᠶ᠎ᠡ ᠶᠢᠨ ᠴᠢᠬᠤᠯᠠ | ᠬᠠᠲᠠᠨ ᠵᠢᠷᠤᠭ ᠪᠣᠯᠣᠨ᠎ᠠ᠃ 2013 ᠣᠨ ᠤ 5 ᠰᠠᠷ᠎ᠠ ᠳᠤ ᠤᠷᠠᠨ | ᠳᠥᠰᠢ ᠠᠭᠤᠯᠠ ᠶᠢᠨ ᠬᠠᠳᠠᠨ ᠵᠢᠷᠤᠭ ᠤᠨ ᠰᠦᠷᠦᠭ ᠢ | ᠲᠦᠷᠦ ᠶᠢᠨ ᠶᠠᠪᠤᠳᠠᠯ ᠤᠨ ᠬᠤᠷᠢᠶ᠎ᠠ ᠠᠴᠠ ᠳᠣᠯᠣᠳᠤᠭᠠᠷ | ᠪᠦᠯᠦᠭ ᠤᠨ ᠪᠦᠭᠦ ᠤᠯᠤᠰ ᠤᠨ ᠭᠤᠣᠯᠳᠠᠯᠭ᠎ᠠ ᠲᠠᠢ | ᠲᠡᠦᠬᠡ ᠶᠢᠨ ᠳᠤᠷᠠᠰᠬᠠᠯᠲᠤ ᠵᠦᠢᠯᠡᠰ ᠤᠨ | ᠬᠠᠮᠠᠭᠠᠯᠠᠯᠲᠠ ᠶᠢᠨ ᠨᠢᠭᠡᠴᠢ ᠪᠠᠷ ᠦᠨᠡᠯᠡᠭᠳᠡᠪᠡ᠃ | ᠤᠷᠠᠨ ᠳᠥᠰᠢ ᠠᠭᠤᠯᠠ ᠶᠢᠨ ᠬᠠᠳᠠᠨ ᠵᠢᠷᠤᠭ ᠪᠣᠯ ᠮᠠᠨ ᠤ | ᠤᠯᠤᠰ ᠤᠨ ᠡᠷᠲᠡᠨ ᠤ ᠤᠮᠠᠷᠠᠲᠤ ᠶᠢᠨ ᠨᠡᠭᠦᠳᠡᠯᠴᠢᠨ | ᠦᠨᠳᠦᠰᠦᠲᠡᠨ ᠤ ᠬᠤᠪᠣᠷ ᠨᠠᠨᠳᠢᠨ ᠤᠶᠤᠨ ᠰᠣᠶᠣᠯ ᠤᠨ | ᠪᠦᠲᠦᠭᠡᠭᠳᠡᠬᠦᠨ ᠪᠣᠯᠣᠨ᠎ᠠ᠂ ᠣᠨᠴᠠᠭᠠᠶᠢᠯᠠᠨ ᠬᠥᠮᠥᠨ ᠤ | ᠭᠦᠷᠦᠭ ᠤᠨ ᠬᠠᠳᠠᠨ ᠵᠢᠷᠤᠭ ᠨᠢ ᠳᠤᠮᠳᠠᠳᠤ ᠤᠯᠤᠰ ᠪᠠ | ᠳᠡᠯᠡᠬᠡᠢ ᠶᠢᠨ ᠬᠥᠮᠥᠨ ᠤ ᠭᠦᠷᠦᠭ ᠤᠨ ᠬᠠᠳᠠᠨ ᠵᠢᠷᠤᠭ ᠤᠨ | ᠤᠭᠢ ᠰᠣᠳᠣ ᠪᠣᠯᠣᠨ᠎ᠠ᠂ ᠬᠥᠮᠥᠨ ᠲᠥᠷᠥᠯᠬᠢᠲᠡᠨ ᠤ ᠬᠡᠦᠬᠡᠳ | ᠦᠶ᠎ᠡ ᠶᠢᠨ ᠬᠦᠰᠡᠯ ᠡᠷᠡᠮᠡᠯᠵᠡᠯ ᠢ ᠲᠤᠰᠬᠠᠵᠤ᠂ ᠥᠪᠡᠷᠮᠢᠴᠡ | ᠬᠡᠪ ᠨᠠᠮᠪᠠ ᠵᠢᠴᠢ ᠰᠣᠨᠢᠷᠬᠠᠨ ᠦᠵᠡᠬᠦ ᠦᠨ᠎ᠡ ᠦᠷᠳᠡᠭ ᠲᠠᠢ | ᠶᠤᠮ ᠭᠡᠵᠦ ᠥᠪᠥᠷ ᠮᠣᠩᠭᠤᠯ ᠤᠨ ᠮᠦᠽᠧᠢ ᠶᠢᠨ | ᠬᠦᠷᠢᠶᠡᠯᠡᠩ ᠤᠨ ᠳᠡᠳ᠋ ᠳᠠᠷᠤᠭ᠎ᠠ ᠵᠠᠩ ᠸᠧᠨ ᠫᠢᠩ | ᠶᠠᠷᠢᠬᠤ ᠶᠢᠨ ᠳᠠᠭᠠᠤ᠄ ᠡᠶᠢᠮᠦ ᠠᠴᠠ ᠦᠬᠠᠢ ᠶᠢᠨ ᠤᠷᠠᠨ | ᠳᠥᠰᠢ ᠠᠭᠤᠯᠠ ᠶᠢᠨ ᠬᠥᠮᠥᠨ ᠤ ᠳᠦᠷᠰᠦ ᠶᠢᠨ ᠬᠠᠳᠠᠨ ᠵᠢᠷᠤᠭ | ᠪᠣᠯ ᠦᠬᠠᠢ ᠬᠤᠳᠠ ᠶᠢᠨ ᠬᠠᠳᠤᠨ ᠭᠤᠣᠯ ᠤᠨ ᠰᠣᠶᠣᠯ ᠤᠨ | ᠲᠥᠯᠥᠭᠡᠯᠡᠬᠦ ᠴᠢᠨᠠᠷᠲᠠᠢ ᠲᠡᠦᠬᠡ ᠶᠢᠨ ᠳᠤᠷᠠᠰᠬᠠᠯᠲᠤ | ᠵᠦᠢᠯᠡᠰ ᠪᠣᠯᠣᠨ᠎ᠠ ᠭᠡᠵᠦ ᠦᠵᠡᠵᠦ ᠪᠣᠯᠣᠨ᠎ᠠ ᠭᠡᠯᠡ᠃ | | | ᠦᠨᠳᠦᠰᠦᠲᠡᠨ ᠤ ᠠᠭᠤᠰᠤᠯᠴᠠᠯ ᠡᠷᠲᠡ ᠡᠳᠦᠭᠡ ᠶᠢ | ᠬᠤᠯᠪᠣᠨ᠎ᠠ | | | ᠦᠬᠠᠢ ᠬᠤᠳᠠ ᠠᠴᠠ 15 ᠺᠢᠯᠣᠮᠧᠲᠷ ᠵᠠᠶᠢᠲᠠᠢ ᠸᠠᠩ ᠶᠤᠸᠠᠨ | ᠳ᠋ᠢ ᠲᠣᠰᠬᠤᠨ ᠳᠤ ᠬᠠᠨ ᠤᠯᠤᠰ ᠤᠨ ᠦᠶ᠎ᠡ ᠶᠢᠨ ᠡᠷᠲᠡᠨ ᠤ | ᠬᠤᠳᠠ ᠪᠤᠢ᠂ ᠪᠠᠷᠠᠭᠤᠨ ᠲᠠᠯ᠎ᠠ ᠪᠠᠷ ᠢᠶᠠᠨ ᠬᠠᠳᠤᠨ | ᠭᠤᠣᠯ ᠲᠠᠢ ᠬᠥᠷᠰᠢᠯᠡᠵᠦ᠂ ᠵᠡᠭᠦᠨ ᠲᠠᠯ᠎ᠠ ᠪᠠᠷ ᠹᠧᠩ | ᠬᠤᠸᠠᠩ ᠯᠢᠩ ᠳᠠᠪᠠᠭ᠎ᠠ ᠶᠢᠨ ᠴᠢᠨ ᠤᠯᠤᠰ ᠤᠨ ᠤᠷᠳᠤ ᠴᠠᠭᠠᠨ | ᠬᠡᠷᠡᠮ ᠠᠴᠠ 12 ᠺᠢᠯᠣᠮᠧᠲᠷ ᠵᠠᠶᠢᠲᠠᠢ ᠪᠠᠶᠢᠵᠤ᠂ | ᠲᠤᠬᠠᠢ ᠶᠢᠨ ᠭᠠᠵᠠᠷ ᠤᠨ ᠵᠠᠩᠰᠢᠯ ᠢᠶᠠᠷ ᠯᠠᠨ ᠴᠧᠩ ᠽᠢ | ᠬᠡᠮᠡᠳᠡᠭ᠃ 20 ᠳ᠋ᠤᠭᠠᠷ ᠵᠠᠭᠤᠨ ᠤ ᠨᠠᠶᠠᠭᠠᠳ ᠣᠨ ᠳᠤ᠂ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ | ᠰᠣᠶᠣᠯ ᠤᠨ ᠳᠤᠷᠠᠰᠬᠠᠯᠲᠤ ᠵᠦᠢᠯᠡᠰ ᠤᠨ ᠰᠤᠳᠤᠯᠭᠠᠨ ᠤ | ᠭᠠᠵᠠᠷ ᠰᠢᠨ ᠳ᠋ᠢ ᠶᠢᠨ ᠬᠠᠨ ᠤᠯᠤᠰ ᠤᠨ ᠣᠩᠭᠤᠨ ᠢ | ᠢᠯᠡᠷᠡᠭᠦᠯᠬᠦ ᠦᠶ᠎ᠡ ᠳᠤ ᠡᠷᠲᠡᠨ ᠤ ᠬᠤᠲᠠ ᠶᠢ ᠳᠠᠭᠢᠨ | ᠳᠠᠪᠲᠠᠨ ᠰᠢᠨᠵᠢᠨ ᠪᠠᠶᠢᠴᠠᠭᠠᠭᠰᠠᠨ ᠬᠤᠶᠢᠨ᠎ᠠ ᠡᠷᠲᠡᠨ ᠤ | ᠬᠤᠲᠠ ᠶᠢᠨ ᠬᠠᠪᠲᠠᠭᠠᠢ ᠨᠢ ᠳᠥᠷᠪᠡᠯᠵᠢᠨ ᠰᠢᠭ᠂ | ᠬᠥᠪᠡᠭᠡᠨ ᠤ ᠤᠷᠲᠤ ᠨᠢ ᠪᠠᠷᠤᠭ 450 ᠮᠧᠲᠷ ᠭᠡᠵᠦ ᠦᠵᠡᠪᠡ᠃ | ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠢᠯᠢ | ᠬᠢᠵᠠᠭᠠᠷ ᠤᠨ ᠲᠡᠦᠬᠡ ᠶᠢᠨ ᠳᠤᠷᠠᠰᠬᠠᠯᠲᠤ ᠵᠦᠢᠯᠡᠰ ᠤᠨ | ᠰᠤᠳᠤᠯᠭᠠᠨ ᠤ ᠬᠦᠷᠢᠶᠡᠯᠡᠩ ᠤᠨ ᠳᠠᠷᠤᠭ᠎ᠠ᠂ ᠣᠨᠴᠠ | ᠤᠷᠢᠭᠰᠠᠨ ᠫᠷᠤᠹᠧᠰᠰᠤᠷ ᠸᠧᠢ ᠵᠢᠶᠠᠨ ᠥᠪᠥᠷ ᠮᠣᠩᠭᠤᠯ ᠤᠨ | ᠳᠤᠮᠳᠠ ᠡᠮᠦᠨᠡᠲᠦ ᠬᠡᠰᠡᠭ ᠤᠨ ᠬᠠᠨ ᠤᠯᠤᠰ ᠤᠨ ᠦᠶ᠎ᠡ ᠶᠢᠨ | ᠤᠩᠭᠤᠨ ᠳᠤ᠂ ᠰᠢᠨ ᠳ᠋ᠢ ᠡᠷᠲᠡᠨ ᠤ ᠬᠤᠲᠠ ᠶᠢᠨ ᠭᠠᠵᠠᠷ | ᠵᠦᠢ ᠶᠢᠨ ᠪᠠᠶᠢᠷᠢᠯᠠᠯ ᠪᠣᠯᠣᠨ ᠤᠩᠭᠤᠨ ᠤ ᠬᠤᠶᠢᠯᠭ᠎ᠠ ᠶᠢᠨ | ᠡᠳ᠋ ᠲᠤ ᠵᠠᠳᠠᠯᠤᠯᠲᠠ ᠬᠢᠪᠡᠯ᠂ ᠬᠠᠨ ᠤᠯᠤᠰ ᠤᠨ ᠦᠶ᠎ᠡ ᠳᠤ | ᠱᠥᠸᠧ ᠹᠠᠩ ᠵᠢᠶᠦ᠋ᠨ ᠤ ᠬᠠᠷᠢᠶᠠᠨ ᠳᠤ ᠪᠠᠭᠲᠠᠬᠤ | ᠶᠣᠰᠣᠲᠠᠢ᠃ ᠲᠤᠬᠠᠢ ᠶᠢᠨ ᠦᠶ᠎ᠡ ᠳᠤ ᠲᠤᠰ ᠡᠷᠲᠡᠨ ᠤ | ᠬᠤᠲᠠ ᠨᠢ ᠰᠢᠨ ᠳ᠋ᠢ ᠲᠣᠰᠬᠤᠨ ᠳᠤ ᠬᠠᠷᠢᠶᠠᠯᠠᠭᠳᠠᠵᠤ | ᠪᠠᠶᠢᠭᠰᠠᠨ ᠪᠣᠯᠬᠤᠷ ᠬᠠᠭᠤᠴᠢ ᠰᠤᠳᠤᠯᠤᠭᠴᠢᠳ ᠲᠡᠭᠦᠨ ᠢ | ᠰᠢᠨ ᠳ᠋ᠢ ᠡᠷᠲᠡᠨ ᠤ ᠬᠤᠲᠠ ᠭᠡᠵᠦ ᠨᠡᠷᠡᠯᠡᠭᠰᠡᠨ ᠬᠡᠮᠡᠨ | ᠳᠤᠷᠠᠳᠴᠤ ᠭᠠᠷᠭᠠᠵᠠᠢ᠃ ᠰᠢᠨ ᠳ᠋ᠢ ᠡᠷᠲᠡᠨ ᠤ ᠬᠤᠲᠠ ᠶᠢᠨ | ᠪᠠᠭᠤᠷᠢ ᠨᠢ ᠬᠠᠲᠤᠨ ᠭᠤᠣᠯ ᠤᠨ ᠵᠡᠭᠦᠨ ᠡᠷᠭᠢ ᠳᠤ | ᠪᠠᠶᠢᠷᠢᠰᠢᠵᠤ᠂ ᠲᠡᠭᠦᠨ ᠤ ᠵᠡᠭᠦᠨ ᠬᠡᠰᠡᠭ ᠤᠨ ᠤᠷᠠᠨ ᠳᠥᠰᠢ | ᠠᠭᠤᠯᠠ ᠨᠢᠷᠤᠭᠤ ᠪᠠᠷ ᠴᠢᠨ ᠤᠯᠤᠰ ᠬᠠᠨ ᠤᠯᠤᠰ ᠤᠨ | ᠦᠶ᠎ᠡ ᠶᠢᠨ ᠤᠷᠳᠤ ᠴᠠᠭᠠᠨ ᠬᠡᠷᠡᠮ ᠤᠨ ᠪᠠᠭᠤᠷᠢ | ᠬᠠᠳᠠᠭᠠᠯᠠᠭᠳᠠᠵᠤ ᠪᠤᠢ᠂ ᠡᠭᠦᠨ ᠠᠴᠠ ᠰᠢᠨ ᠳ᠋ᠢ ᠡᠷᠲᠡᠨ ᠤ | ᠬᠤᠲᠠ ᠨᠢ ᠴᠢᠨ ᠱᠢ ᠬᠤᠸᠠᠩ ᠤᠨ ᠪᠠᠶᠢᠭᠤᠯᠤᠭᠰᠠᠨ 44 | ᠰᠢᠶᠠᠨ ᠤ ᠬᠤᠲᠠ ᠶᠢᠨ ᠨᠢᠭᠡ ᠨᠢ ᠪᠤᠯᠬᠤ ᠶᠢ | ᠦᠨᠳᠦᠰᠦᠨ ᠳᠡᠭᠡᠨ ᠨᠤᠲᠠᠯᠠᠵᠤ ᠪᠣᠯᠣᠨ᠎ᠠ᠃ ᠬᠠᠨ ᠤᠯᠤᠰ ᠤᠨ | ᠦᠶ᠎ᠡ ᠳᠤ ᠤᠯᠠᠮᠵᠢᠯᠠᠨ ᠬᠡᠷᠡᠭᠯᠡᠵᠦ᠂ ᠦ᠋ ᠳ᠋ᠢ ᠬᠠᠭᠠᠨ ᠤ | ᠶᠤᠸᠠᠨ ᠱᠧᠦ ᠶᠢᠨ ᠭᠤᠷᠪᠠᠳᠤᠭᠠᠷ ᠣᠨ ᠨᠡᠶᠢᠲᠡ ᠶᠢᠨ ᠣᠨ | ᠲᠣᠭᠠᠯᠠᠯ ᠠᠴᠠ ᠡᠮᠦᠨ᠎ᠡ 120 ᠣᠨ ᠳᠤ ᠠᠳᠡ ᠰᠢᠶᠠᠨ | ᠪᠠᠶᠢᠭᠤᠯᠵᠤ᠂ ᠰᠢᠶᠠᠨ ᠤ ᠵᠠᠰᠠᠭ ᠤᠨ ᠡᠷᠬᠡ ᠶᠢ | ᠪᠠᠶᠢᠭᠤᠯᠵᠠᠢ᠃ ᠰᠢᠨ ᠳ᠋ᠢ ᠡᠷᠲᠡᠨ ᠤ ᠬᠤᠲᠠ ᠶᠢᠨ ᠭᠠᠵᠠᠷ | ᠵᠦᠢ ᠶᠢᠨ ᠪᠠᠶᠢᠷᠢᠯᠠᠯ ᠵᠢᠴᠢ ᠣᠶᠢᠷ᠎ᠠ ᠬᠠᠪᠢ ᠶᠢᠨ | ᠣᠩᠭᠤᠨ ᠤ ᠰᠦᠷᠦᠭᠵᠢᠯ ᠤᠨ ᠬᠤᠶᠢᠯᠭ᠎ᠠ ᠶᠢᠨ ᠡᠳ᠋ ᠢ | ᠵᠠᠳᠠᠯᠵᠤ ᠦᠵᠡᠪᠡᠯ᠂ 1989 ᠣᠨ ᠳᠤ ᠡᠷᠲᠡᠨ ᠤ ᠬᠤᠲᠠ ᠶᠢᠨ | ᠣᠶᠢᠷ᠎ᠠ ᠬᠠᠪᠢ ᠠᠴᠠ ᠮᠠᠰᠢ ᠣᠯᠠᠨ ᠬᠠᠨ ᠤᠯᠤᠰ ᠤᠨ | ᠦᠶ᠎ᠡ ᠶᠢᠨ ᠣᠩᠭᠤᠨ ᠢ ᠢᠯᠡᠷᠡᠭᠦᠯᠵᠡᠢ᠂ ᠡᠷᠲᠡᠨ ᠤ | ᠬᠤᠲᠠ ᠨᠢ ᠲᠤᠬᠠᠢ ᠶᠢᠨ ᠦᠶ᠎ᠡ ᠳᠤ ᠬᠠᠨ ᠤᠯᠤᠰ ᠤᠨ | ᠦᠶ᠎ᠡ ᠶᠢᠨ ᠰᠢ ᠾᠧ ᠵᠢᠶᠦ᠋ᠨ ᠤ ᠬᠠᠷᠢᠶ᠎ᠠ ᠭᠠᠵᠠᠷ ᠪᠠᠶᠢᠪᠠ᠂ | ᠡᠷᠲᠡᠨ ᠤ ᠬᠤᠲᠠ ᠶᠢᠨ ᠪᠠᠭᠤᠷᠢ ᠨᠢ ᠲᠡᠭᠰᠢᠬᠡᠨ ᠮᠥᠷᠲᠡᠭᠡᠨ | ᠬᠤᠲᠠ ᠶᠢᠨ ᠪᠠᠷᠠᠭᠤᠨ ᠡᠮᠦᠨ᠎ᠡ ᠥᠨᠴᠥᠭ ᠠᠴᠠ ᠴᠢᠨ ᠤᠯᠤᠰ᠂ | ᠬᠠᠨ ᠤᠯᠤᠰ ᠤᠨ ᠵᠣᠭᠤᠰ ᠢ ᠮᠠᠰᠢ ᠣᠯᠠᠨ ᠢᠯᠡᠷᠡᠭᠦᠯᠵᠦ᠂ | ᠵᠠᠷᠢᠮ ᠢ ᠨᠢ ᠸᠠᠭᠠᠷ ᠤᠨ ᠫᠧᠩᠰᠡ᠂ ᠪᠤᠳᠣᠩ ᠳᠣᠲᠣᠷ᠎ᠠ | ᠬᠢᠵᠦ᠂ ᠵᠠᠷᠢᠮ ᠢ ᠨᠢ ᠲᠡᠮᠦᠷ ᠰᠠᠪᠠᠨ ᠳᠤ ᠬᠡᠯᠬᠢᠵᠦ | ᠲᠠᠯᠪᠢᠭᠰᠠᠨ ᠪᠠᠶᠢᠨ᠎ᠠ᠃ ᠦᠬᠠᠢ ᠮᠦᠽᠧᠢ ᠳᠤ ᠳᠡᠯᠭᠡᠨ | ᠦᠵᠡᠭᠦᠯᠦᠭᠰᠡᠨ ᠬᠠᠨ ᠤᠯᠤᠰ ᠤᠨ ᠦᠶ᠎ᠡ ᠶᠢᠨ ᠳᠡᠭᠡᠰᠦᠨ | ᠬᠡ ᠲᠠᠢ ᠸᠠᠭᠠᠷ ᠤᠨ ᠤᠰᠤᠨ ᠬᠤᠭᠤᠯᠠᠢ ᠶᠢ ᠰᠢᠨ ᠳ᠋ᠢ | ᠡᠷᠲᠡᠨ ᠤ ᠬᠤᠲᠠ ᠶᠢᠨ ᠪᠠᠭᠤᠷᠢ ᠠᠴᠠ ᠮᠠᠯᠲᠠᠵᠤ | ᠭᠠᠷᠭᠠᠭᠰᠠᠨ ᠶᠤᠮ᠂ ᠡᠨᠡ ᠢᠵᠢ ᠤᠰᠤᠨ ᠬᠤᠭᠤᠯᠠᠢ ᠨᠢ ᠨᠡᠶᠢᠲᠡ | 4 ᠪᠠᠶᠢᠵᠤ᠂ ᠰᠢᠪᠠᠷᠯᠢᠭ ᠪᠤᠳᠤᠩᠭᠤᠢ ᠸᠠᠭᠠᠷ ᠪᠠᠶᠢᠭᠰᠠᠨ | ᠮᠥᠷᠲᠡᠭᠡᠨ ᠥᠩᠭᠡᠨ ᠲᠠᠯ᠎ᠠ ᠳᠤᠨᠢ ᠲᠣᠮᠣ ᠳᠡᠭᠡᠰᠦᠨ | ᠬᠡ ᠲᠠᠢ᠃ ᠡᠭᠦᠨ ᠳᠤ 3 ᠨᠢ ᠠᠰᠬᠠᠨ ᠬᠤᠭᠤᠯᠠᠢ | ᠬᠡᠯᠪᠡᠷᠢᠲᠡᠢ᠂ 1 ᠨᠢ 90° ᠮᠤᠷᠤᠶᠢᠵᠤ᠂ ᠮᠤᠷᠤᠶᠢᠭᠰᠠᠨ | ᠬᠡᠰᠡᠭ ᠲᠤ A ᠲᠡᠮᠳᠡᠭ ᠰᠡᠶᠢᠯᠦᠭᠡᠰᠦᠲᠡᠢ᠃ ᠬᠡᠰᠡᠭ | ᠪᠦᠷᠢ ᠶᠢᠨ ᠤᠰᠤᠨ ᠬᠤᠭᠤᠯᠠᠢ ᠶᠢ ᠲᠡᠮᠳᠡᠭ ᠢᠶᠠᠷ ᠨᠢ | ᠵᠢᠵᠢᠭ ᠠᠮᠠᠰᠠᠷ ᠢ ᠲᠣᠮᠣ ᠠᠮᠠᠰᠠᠷ ᠲᠤ ᠤᠭᠯᠠᠵᠤ | ᠣᠷᠣᠭᠤᠯᠤᠨ᠎ᠠ᠂ ᠡᠨᠡ ᠮᠡᠲᠦ ᠪᠠᠷ ᠨᠢᠭᠲᠠ ᠳᠠᠷᠤᠵᠤ᠂ ᠤᠰᠤ | ᠭᠠᠳᠠᠭᠰᠢᠯᠠᠭᠤᠯᠬᠤ ᠳᠤ ᠳᠥᠭᠦᠮ ᠪᠠᠶᠢᠳᠠᠭ᠃ | ᠬᠡᠷᠡᠭᠯᠡᠭᠡᠨ ᠤ ᠴᠢᠨᠠᠷ ᠭᠡᠰᠡᠨ ᠦᠭᠡᠢ ᠦᠵᠡᠮᠦᠷᠢ ᠶᠢᠨ | ᠬᠡᠮᠵᠢᠶ᠎ᠡ ᠭᠡᠰᠡᠨ ᠦᠭᠡᠢ ᠪᠦᠷ ᠣᠳᠣ ᠦᠶ᠎ᠡ ᠶᠢᠨ | ᠬᠡᠷᠡᠭᠯᠡᠵᠦ ᠪᠦᠬᠦᠢ ᠤᠰᠤᠨ ᠬᠤᠭᠤᠯᠠᠢ ᠲᠠᠢ ᠠᠳᠠᠯᠢᠳᠬᠠᠵᠤ | ᠪᠣᠯᠤᠮᠠᠷ ᠨᠠᠷᠢᠯᠢᠭ ᠰᠠᠶᠢᠬᠠᠨ ᠤᠷᠠᠯᠠᠵᠤ ᠬᠢᠭᠰᠡᠨ ᠶᠤᠮ᠃ | ᠡᠷᠲᠡᠨ ᠤ ᠤᠰᠤ ᠵᠠᠯᠠᠬᠤ ᠬᠤᠭᠤᠯᠠᠢ ᠶᠢᠨ ᠡᠭᠦᠰᠦᠯ ᠨᠢ | ᠬᠤᠲᠠ ᠶᠢᠨ ᠪᠦᠷᠢᠯᠳᠦᠯ ᠪᠠ ᠬᠥᠭᠵᠢᠯᠲᠡ ᠶᠢ ᠳᠠᠭᠠᠯᠳᠤᠨ | ᠡᠭᠦᠰᠦᠭᠰᠡᠨ ᠶᠤᠮ᠃ ᠡᠯ᠎ᠡ ᠵᠦᠢᠯ ᠤᠨ ᠤᠰᠤ ᠵᠠᠯᠠᠬᠤ | ᠬᠤᠭᠤᠯᠠᠢ ᠶᠢᠨ ᠪᠤᠢ ᠪᠣᠯᠤᠭᠰᠠᠨ ᠪᠠ ᠬᠥᠭᠵᠢᠯ ᠮᠠᠨᠳᠤᠯ ᠨᠢ | ᠲᠤᠬᠠᠢ ᠶᠢᠨ ᠦᠶ᠎ᠡ ᠶᠢᠨ ᠬᠤᠲᠠ ᠶᠢᠨ ᠰᠣᠶᠣᠯ ᠲᠠᠢ ᠨᠢᠭᠲᠠ | ᠬᠤᠯᠪᠤᠭ᠎ᠠ ᠲᠠᠢ᠂ ᠡᠷᠲᠡᠨ ᠤ ᠪᠣᠯᠪᠠᠰᠤᠨ ᠤ ᠠᠬᠢᠴᠠ ᠲᠠᠢ | ᠨᠢᠭᠲᠠ ᠬᠤᠯᠪᠤᠭ᠎ᠠ ᠲᠠᠢ ᠪᠠᠶᠢᠳᠠᠭ᠃ ᠡᠶᠢᠮᠦ ᠠᠴᠠ ᠬᠠᠭᠤᠴᠢ | ᠰᠤᠳᠤᠯᠤᠭᠴᠢᠳ ᠡᠨᠡ 4 ᠸᠠᠭᠠᠷ ᠤᠨ ᠤᠰᠤᠨ ᠬᠤᠭᠤᠯᠠᠢ ᠠᠴᠠ | ᠰᠢᠨ ᠳ᠋ᠢ ᠡᠷᠲᠡᠨ ᠤ ᠬᠤᠲᠠ ᠶᠢᠨ ᠦᠷᠭᠦᠯᠵᠢᠯᠡᠭᠰᠡᠨ | ᠲᠡᠦᠬᠡ ᠨᠢ ᠨᠡᠯᠢᠶᠡᠳ ᠤᠷᠲᠤ ᠪᠥᠭᠡᠳ ᠶᠡᠭᠡ ᠬᠡᠮᠵᠢᠶᠡᠨ ᠤ | ᠬᠥᠮᠥᠨ ᠠᠮᠠ ᠤᠷᠲᠤ ᠬᠤᠭᠤᠴᠠᠭ᠎ᠠ ᠪᠠᠷ ᠣᠷᠣᠰᠢᠨ | ᠠᠮᠢᠳᠤᠷᠠᠵᠤ᠂ ᠤᠰᠤ ᠵᠠᠯᠠᠬᠤ ᠰᠢᠰᠲ᠋ᠧᠮ ᠵᠡᠷᠭᠡ ᠬᠤᠲᠠ ᠶᠢᠨ | ᠡᠷᠡᠭᠦᠯ ᠬᠠᠮᠠᠭᠠᠯᠠᠯ ᠤᠨ ᠳᠤᠨᠤᠭ ᠲᠥᠬᠦᠭᠡᠷᠦᠮᠵᠢ ᠶᠢ | ᠦᠢᠯᠡᠳᠦᠨ ᠬᠢᠵᠦ᠂ ᠬᠢᠯᠢ ᠶᠢᠨ ᠴᠠᠶᠢᠵᠠ ᠶᠢᠨ ᠴᠢᠬᠤᠯᠠ | ᠬᠤᠲᠠ ᠶᠢᠨ ᠪᠠᠭᠤᠷᠢ ᠪᠤᠯᠬᠤ ᠶᠢ ᠮᠠᠭᠠᠳᠯᠠᠨ ᠭᠠᠷᠭᠠᠭᠰᠠᠨ | ᠪᠠᠶᠢᠨ᠎ᠠ᠃ ᠨᠡᠶᠢᠲᠡ ᠶᠢᠨ ᠣᠨ ᠲᠣᠭᠠᠯᠠᠯ ᠤᠨ 1264 ᠣᠨ ᠳᠤ | ᠶᠤᠸᠠᠨᠱᠢᠽᠦ ᠬᠠᠭᠠᠨ ᠤᠰᠤᠨ ᠠᠰᠢᠭᠯᠠᠯᠲᠠ ᠶᠢᠨ ᠲᠤᠰᠬᠠᠢ | ᠮᠡᠷᠭᠡᠵᠢᠯᠲᠡᠨ ᠭᠦᠸᠧ ᠱᠧᠦ ᠵᠢᠩ ᠢ ᠬᠠᠳᠤᠨ ᠭᠤᠣᠯ ᠤᠨ | ᠤᠰᠤᠨ ᠠᠰᠢᠭᠯᠠᠯᠲᠠ ᠶᠢ ᠪᠠᠶᠢᠴᠠᠭᠠᠨ ᠦᠵᠡᠬᠦ ᠪᠠᠷ | ᠲᠣᠮᠢᠯᠠᠵᠤ᠂ ᠬᠠᠳᠤᠨ ᠭᠤᠣᠯ ᠤᠨ ᠤᠰᠤᠨ ᠲᠡᠭᠡᠭᠡᠪᠦᠷᠢ ᠶᠢ | ᠨᠡᠪᠲᠡᠷᠡᠭᠦᠯᠬᠦ ᠳᠤ ᠪᠡᠯᠡᠳᠬᠡᠯ ᠬᠢᠵᠦ ᠪᠠᠶᠢᠪᠠ᠃ | ᠶᠤᠸᠠᠨ ᠤᠯᠤᠰ ᠤᠨ ᠨᠡᠷᠡᠲᠦ ᠲᠦᠰᠢᠮᠡᠯ ᠤᠨ ᠲᠣᠪᠴᠢ | ᠲᠡᠮᠳᠡᠭᠯᠡᠯ ᠳᠤ᠂ ᠳᠠᠷᠠᠭ᠎ᠠ ᠵᠢᠯ ᠨᠢ ᠭᠦᠸᠧ ᠱᠧᠦ ᠵᠢᠩ | ᠨᠢᠩᠰᠢᠶᠠ ᠣᠷᠣᠨ ᠳᠤ ᠪᠠᠶᠢᠴᠠᠭᠠᠯᠲᠠ ᠬᠢᠵᠦ᠂ ᠭᠤᠣᠯᠳᠠᠭᠤ | ᠨᠢᠩᠰᠢᠶᠠ ᠶᠢᠨ ᠬᠠᠲᠤᠨ ᠭᠤᠣᠯ ᠤᠨ ᠤᠷᠤᠰᠬᠠᠯ ᠳᠠᠭᠠᠤ | ᠦᠬᠠᠢ᠂ ᠪᠠᠶᠠᠨᠨᠠᠭᠤᠷ᠂ ᠣᠷᠳᠣᠰ ᠵᠡᠷᠭᠡ ᠭᠠᠵᠠᠷ ᠣᠷᠣᠨ ᠠᠴᠠ | ᠳ᠋ᠦᠩᠱᠧᠩ ᠣᠳᠣ ᠶᠢᠨ ᠲᠣᠭᠲᠠᠬᠤ ᠰᠢᠶᠠᠨ ᠳᠤ ᠪᠤᠢ | ᠬᠡᠰᠡᠭ ᠢᠶᠠᠷ ᠪᠠᠶᠢᠴᠠᠭᠠᠯᠲᠠ ᠬᠢᠭᠰᠡᠨ ᠢ | ᠲᠡᠮᠳᠡᠭᠯᠡᠵᠡᠢ᠃ ᠬᠠᠳᠤᠨ ᠭᠤᠣᠯ ᠮᠤᠷᠤᠯᠵᠠᠨ ᠤᠷᠤᠰᠴᠤ᠂ | ᠤᠷᠠᠨ ᠳᠥᠰᠢ ᠠᠭᠤᠯᠠ ᠰᠡᠬᠦᠶᠢᠨ ᠰᠦᠨᠳᠡᠷᠯᠡᠨ᠎ᠡ᠃ ᠬᠡᠳᠦᠨ | ᠮᠢᠩᠭᠠᠨ ᠭᠠᠵᠠᠷ ᠢ ᠨᠡᠭᠡᠭᠡᠨ ᠬᠥᠭᠵᠢᠭᠦᠯᠵᠦ᠂ | ᠭᠤᠣᠯ ᠢᠶᠠᠷ ᠬᠢᠯᠢ ᠪᠣᠯᠭᠠᠨ᠂ ᠴᠢᠯᠠᠭᠤ ᠪᠠᠷ ᠬᠤᠲᠠ | ᠪᠣᠰᠬᠠᠵᠤ᠂ ᠬᠠᠶᠢᠯᠠᠰᠤ ᠪᠠᠷ ᠪᠣᠭᠤᠮᠲᠠ ᠪᠣᠯᠭᠠᠨ | ᠪᠠᠶᠢᠭᠤᠯᠤᠭᠰᠠᠨ ᠴᠢᠨ ᠤᠯᠤᠰ ᠤᠨ ᠤᠷᠲᠤ ᠴᠠᠭᠠᠨ ᠬᠡᠷᠡᠮ ᠨᠢ | ᠮᠥᠨ ᠯᠡ ᠰᠦᠨᠳᠡᠷᠯᠡᠭᠰᠡᠭᠡᠷ᠃ ᠮᠢᠩᠭᠠᠨ ᠣᠨ ᠢ | ᠡᠷᠭᠢᠴᠡᠭᠦᠯᠬᠦᠶ᠎ᠡ᠂ ᠤᠮᠠᠷᠠᠰᠢ ᠬᠠᠳᠤᠨ ᠭᠤᠣᠯ᠂ | ᠪᠣᠷᠣᠳᠣᠬᠤᠢ ᠶᠢᠨ ᠲᠠᠯ᠎ᠠ ᠭᠠᠵᠠᠷ ᠤᠨ ᠠᠭᠤᠯᠵᠠᠷ ᠲᠤ | ᠣᠷᠣᠰᠢᠵᠤ ᠪᠦᠬᠦᠢ ᠦᠬᠠᠢ ᠪᠣᠯ ᠠᠯᠠᠱᠠ ᠠᠭᠤᠯᠠ᠂ | ᠨᠢᠩᠰᠢᠶᠠ ᠶᠢᠨ ᠲᠠᠯ᠎ᠠ ᠭᠠᠵᠠᠷ᠂ ᠣᠷᠳᠣᠰ ᠤᠨ | ᠥᠨᠳᠦᠷᠯᠢᠭ ᠲᠤ ᠪᠠᠶᠢᠷᠢᠯᠠᠵᠤ᠂ ᠲᠠᠷᠢᠶᠠᠯᠠᠬᠤ ᠰᠣᠶᠣᠯ | ᠪᠣᠯᠣᠨ ᠨᠡᠭᠦᠳᠡᠯ ᠰᠣᠶᠣᠯ ᠤᠨ ᠬᠠᠮᠲᠤ ᠶᠢᠨ ᠠᠭᠤᠰᠤᠯᠴᠠᠯ᠂ | ᠬᠥᠭᠵᠢᠯᠲᠡ ᠶᠢᠨ ᠪᠣᠳᠠᠲᠤ ᠭᠡᠷᠡᠴᠢ ᠮᠥᠨ᠂ ᠡᠨᠡ ᠨᠢ ᠮᠥᠨ ᠴᠤ | ᠳᠤᠰ ᠭᠠᠵᠠᠷ ᠣᠷᠣᠨ ᠤ ᠡᠷᠲᠡᠨ ᠡᠳᠦᠭᠡ ᠠᠴᠠ ᠨᠠᠭᠠᠰᠢᠬᠢ | ᠦᠨᠳᠦᠰᠦᠲᠡᠨ ᠤ ᠠᠭᠤᠰᠤᠯᠴᠠᠯ ᠤᠨ ᠰᠠᠶᠢᠨ ᠰᠠᠶᠢᠬᠠᠨ | ᠪᠠᠶᠢᠳᠠᠯ ᠢ ᠲᠤᠰᠬᠠᠭᠰᠠᠨ ᠪᠠᠶᠢᠨ᠎ᠠ᠃ | | ᠵᠣᠬᠢᠶᠠᠭᠴᠢ᠄ ᠦ᠋ ᠹᠧᠩ ᠲᠣᠰ ᠨᠢᠭᠤᠷ ᠤᠨ ᠨᠡᠷ᠎ᠡ | ᠬᠠᠲᠠᠭᠰᠠᠨ ᠠᠴᠠ ᠪᠤᠰᠤᠳ ᠭᠡᠷᠡᠯ ᠵᠢᠷᠤᠭ ᠤᠳ ᠢ ᠦᠬᠠᠢ | ᠬᠤᠲᠠ ᠶᠢᠨ ᠰᠣᠶᠣᠯ ᠵᠢᠭᠤᠯᠴᠢᠯᠠᠯ ᠤᠨ ᠲᠣᠪᠴᠢᠶ᠎ᠠ᠂ | ᠦᠬᠠᠢ ᠶᠢᠨ ᠮᠦᠽᠧᠢ ᠬᠠᠩᠭᠠᠪᠠ | | | |