ᠨᠠᠰᠣᠨ ᠬᠤᠳᠤᠭ ᠢ ᠨᠡᠮᠡᠭᠳᠡᠭᠦᠯᠬᠦ ᠠᠷᠪᠠᠨ ᠴᠡᠩᠭᠡᠯ (  ᠬᠤᠶᠠᠷ︶
ᠨᠡᠶᠢᠲᠡᠯᠡᠭᠰᠡᠨ ᠴᠠᠭ᠄
2023/9/25
    6. ᠬᠦᠯᠢᠴᠡᠨ ᠨᠠᠶᠢᠷ ᠲᠠᠯᠪᠢᠬᠤ ᠪᠠᠷ ᠴᠡᠩᠭᠡᠯ ᠪᠤᠯᠭᠠᠬᠤ᠃ ᠵᠠᠷᠴᠢᠮ ᠲᠠᠢ ᠬᠠᠯᠳᠠᠭᠰᠠᠨ ᠦᠬᠡᠢ ᠪᠠᠭ᠎ᠠ ᠣᠴᠢᠷ ᠶᠠᠪᠣᠳᠠᠯ ᠳᠤ ᠬᠦᠯᠢᠴᠡᠨ ᠨᠠᠶᠢᠷ ᠲᠠᠯᠪᠢᠬᠤ ᠨᠢ ᠡᠷᠬᠢᠮ ᠪᠠᠶᠢᠳᠠᠭ ᠠᠴᠠ ᠪᠠᠭ᠎ᠠ ᠰᠠᠭ᠎ᠠ ᠬᠤᠨᠵᠢᠭᠳᠠᠬᠤ ᠨᠢ ᠴᠣ᠋ ᠵᠢᠷᠭᠠᠯ ᠶᠣᠮ᠃    7. ᠠᠭᠤᠴᠢᠯᠠᠬᠤ ᠪᠠᠷ ᠴᠡᠩᠭᠡᠯ ᠪᠣᠯᠭᠠᠬᠤ᠃ ᠪᠡᠶ᠎ᠡ ᠪᠠᠨ ᠴᠢᠩᠭ᠎ᠠ ᠪᠠᠷᠢᠵᠤ᠂ ᠬᠦᠮᠦᠨ ᠳᠤ ᠠᠭᠤᠴᠢᠯᠠᠩᠭᠤᠢ ᠬᠠᠨᠳᠣᠨ ᠠᠭᠤᠵᠢᠮ ᠲᠠᠯᠪᠢᠭᠤᠨ ᠪᠠᠶᠠᠷ ᠪᠠᠶᠠᠰᠣᠩᠭᠤᠢ ᠪᠠᠶᠢᠬᠤ ᠨᠢ ᠬᠦᠮᠦᠨ ᠤ ᠰᠡᠳᠬᠢᠯ ᠰᠠᠨᠠᠭ᠎ᠠ ᠶᠢ ᠠᠭᠤᠵᠢᠷᠠᠭᠤᠯᠬᠤ ᠪᠣᠯᠬᠤᠷ ᠵᠠᠯᠠᠭᠤ ᠨᠠᠰᠣ ᠮᠦᠩᠭᠡ ᠣᠷᠣᠰᠢᠳᠠᠭ᠃   8. ᠨᠣᠮ ᠣᠩᠰᠢᠬᠤ ᠪᠠᠷ ᠴᠡᠩᠭᠡᠯ ᠪᠤᠯᠭᠠᠬᠤ᠃ ᠣᠯᠠᠨ ᠨᠣᠮ ᠦᠵᠡᠵᠦ ᠮᠡᠳᠡᠯᠭᠡ ᠪᠠᠨ ᠪᠠᠶᠠᠯᠢᠭᠵᠢᠭᠤᠯᠤᠨ᠂ ᠣᠶᠣᠨ ᠪᠢᠯᠢᠭ ᠢᠶᠠᠨ ᠨᠡᠮᠡᠭᠳᠡᠭᠦᠯᠦᠨ᠂ ᠦᠵᠡᠯ ᠣᠬᠠᠮᠰᠠᠷ ᠢᠶᠠᠨ ᠲᠠᠰᠣᠷᠠᠯᠲᠠ ᠦᠬᠡᠢ ᠰᠢᠨᠡᠳᠭᠡᠵᠦ᠂ ᠰᠢᠨ᠎ᠡ ᠬᠡᠷᠡᠭ ᠪᠣᠳᠠᠰ ᠢ ᠬᠦᠯᠢᠶᠡᠨ ᠠᠪᠬᠤ ᠪᠤᠯ ᠬᠦᠮᠦᠨ ᠲᠦᠷᠦᠯᠬᠢᠲᠡᠨ ᠤ ᠶᠢᠷᠲᠢᠨᠴᠣ ᠶᠢ ᠲᠠᠨᠢᠬᠤ ᠣᠶᠣᠨ ᠰᠠᠨᠠᠭ᠎ᠠ ᠶᠢᠨ ᠬᠦᠳᠡᠯᠭᠡᠭᠴᠢ ᠬᠦᠴᠦᠨ ᠪᠣᠯᠬᠤ ᠪᠠᠷ ᠪᠠᠷᠠᠬᠤ ᠦᠬᠡᠢ᠂ ᠠᠮᠢ ᠨᠠᠰᠣᠨ ᠤ ᠬᠠᠮᠤᠭ ᠤᠨ ᠪᠠᠶᠠᠷ ᠪᠠᠶᠠᠰᠬᠤᠯᠠᠩᠲᠤ ᠬᠦᠬᠡᠬᠡᠴᠡᠯᠳᠦᠯ ᠪᠣᠯᠬᠤ ᠶᠣᠮ᠃    9. ᠲᠠᠭᠠᠮᠠᠭᠯᠠᠨ ᠪᠣᠳᠣᠬᠤ ᠪᠠᠷ ᠴᠡᠩᠭᠡᠯ ᠪᠤᠯᠭᠠᠬᠤ᠃  ᠲᠠᠭᠠᠮᠠᠭᠯᠠᠨ ᠪᠣᠳᠣᠬᠤ ᠨᠢ ᠬᠦᠮᠦᠨ ᠢ ᠪᠠᠶᠠᠷ ᠪᠠᠶᠠᠰᠬᠤᠯᠠᠩ ᠪᠠ ᠵᠣᠯ ᠵᠢᠷᠭᠠᠯ ᠢᠶᠠᠨ ᠡᠷᠬᠢᠴᠡᠭᠦᠯᠦᠨ ᠪᠣᠳᠣᠬᠤ ᠳᠤ ᠣᠷᠣᠭᠤᠯᠳᠠᠭ᠃ ᠬᠡᠷᠭᠡ ᠡᠶᠢᠮᠣᠷᠬᠦᠦ ᠰᠡᠳᠬᠢᠬᠦᠢ ᠪᠠᠨ ᠪᠠᠭ᠋ᠠᠨ ᠣᠷᠳᠣᠳᠬᠠᠭᠠᠳ ᠢᠷᠡᠭᠡᠳᠦᠢ ᠶᠢᠨ ᠨᠡᠶᠢᠬᠡᠮ ᠤᠨ ᠠᠮᠢᠳᠣᠷᠠᠯ  ᠤᠨ ᠰᠠᠶᠢᠬᠠᠨ ᠦᠵᠡᠮᠵᠢ ᠶᠢ ᠣᠷᠠᠯᠠᠨ ᠵᠢᠷᠣᠭᠠᠳ ᠬᠡᠢ ᠬᠦᠰᠡᠯ ᠳᠡᠭᠡᠨ ᠴᠢᠷᠮᠠᠶᠢᠵᠣ ᠲᠣᠷᠠᠳᠠᠶ᠎ᠠ ᠰᠡᠳᠬᠢᠬᠦᠢ ᠠᠴᠠ ᠪᠠᠨ ᠭᠠᠷᠬᠤ ᠳᠤ ᠬᠦᠷᠬᠦ ᠪᠣᠯ ᠠᠮᠵᠢᠯᠲᠠ ᠣᠯᠬᠤ ᠶᠢᠨ ᠦᠨᠳᠣᠰᠣ ᠮᠦᠨ᠃   10. ᠨᠠᠮᠵᠢᠭᠤᠨ ᠲᠠᠯᠪᠢᠭᠤ ᠪᠠᠷ ᠴᠡᠩᠭᠡᠯ ᠪᠤᠯᠭᠠᠬᠤ᠃ ᠨᠠᠮᠵᠢᠭᠤᠨ ᠪᠤᠯ ᠲᠡᠭᠷᠢ ᠭᠠᠵᠠᠷ ᠠᠭᠤᠳᠠᠮ᠂ ᠣᠷᠮ᠎ᠠ ᠪᠠᠭ᠋ᠠᠳᠣᠯ ᠲᠣᠭᠲᠠᠭᠤᠨ ᠪᠠᠶᠢᠳᠠᠭ᠃ ᠠᠮᠢᠳᠣᠷᠠᠯ ᠤᠨ ᠳᠦᠷᠪᠡᠨ ᠵᠦᠭ ᠤᠨ ᠶᠠᠮᠠᠷ ᠪᠠᠶᠢᠳᠠᠯ ᠳᠤ ᠴᠣ᠋ ᠨᠠᠮᠵᠢᠭᠤᠨ ᠯᠠᠪᠳᠠᠭᠤᠨ ᠰᠠᠭᠤᠵᠤ ᠢᠯᠠᠭᠰᠠᠨ ᠴᠣ᠋ ᠣᠮᠣᠷᠬᠠᠭᠯᠠᠬᠤ ᠦᠬᠡᠢ᠂ ᠢᠯᠠᠭᠳᠠᠭᠰᠠᠨ ᠴᠣ᠋ ᠵᠣᠷᠢᠭ ᠮᠣᠬᠤᠬᠤ ᠦᠬᠡᠢ᠂ ᠰᠡᠳᠬᠢᠯ ᠰᠠᠨᠠᠭ᠎ᠠ ᠨᠠᠮᠵᠢᠭᠤᠨ ᠲᠠᠯᠪᠢᠭᠤ ᠪᠠᠶᠢᠬᠤ ᠨᠢ ᠪᠡᠶ᠎ᠡ ᠶᠢ ᠴᠢᠬᠢᠷᠠᠭᠵᠢᠭᠤᠯᠬᠤ ᠶᠤᠮ᠃                    —  ︽ᠠᠯᠲᠠᠨ  ᠬᠦᠷᠲᠣ ᠰᠦᠯᠵᠢᠶ᠎ᠡ︾ ᠠᠴᠠ ᠠᠪᠣᠪᠠ
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ