| 1. ᠰᠡᠳᠬᠢᠯ ᠬᠠᠩᠬᠤ ᠪᠠᠷ ᠴᠡᠩᠭᠡᠯ ᠪᠣᠯᠭᠠᠬᠤ᠃ ᠠᠯᠬᠤᠪᠠᠴᠣ ᠰᠠᠨᠠᠭ᠎ᠠ ᠠᠮᠣᠷ᠂ ᠰᠠᠭᠤᠪᠠᠴᠣ ᠰᠠᠨᠠᠭ᠎ᠠ ᠠᠮᠣᠷ᠂ ᠪᠠᠶᠠᠨ ᠪᠣᠯᠪᠠᠴᠣ ᠰᠠᠨᠠᠭ᠎ᠠ ᠠᠮᠤᠷ᠂ | ᠨᠡᠷ᠎ᠡ ᠳᠤ ᠰᠢᠨᠣᠬᠠᠶᠢᠷᠠᠬᠤ ᠦᠬᠡᠢ᠂ ᠠᠰᠢᠭ ᠲᠤ ᠰᠢᠨᠤᠬᠠᠶᠢᠷᠠᠬᠤ ᠦᠬᠡᠢ ᠪᠠᠶᠢᠪᠠᠰᠣ ᠮᠦᠩᠭᠡᠷᠡᠬᠦ ᠡᠮ ᠢ ᠣᠣᠭᠤᠭᠰᠠᠨ ᠠᠴᠠ ᠴᠣ᠋ ᠰᠠᠶᠢᠨ᠃ | 2. ᠠᠬᠠᠰ ᠵᠠᠬᠠᠰ ᠢᠶᠠᠷ ᠢᠶᠠᠨ ᠴᠡᠩᠭᠡᠯ ᠪᠣᠯᠭᠠᠬᠤ᠃ ᠡᠷ᠎ᠡ ᠡᠮ᠎ᠡ ᠶᠢᠨ ᠬᠠᠶᠢᠷ᠎ᠠ ᠰᠡᠳᠬᠢᠯᠭᠡ᠂ ᠡᠴᠢᠬᠡ ᠬᠦᠪᠡᠬᠦᠨ ᠤ ᠬᠠᠶᠢᠷ᠎ᠠ ᠰᠡᠳᠬᠢᠯᠬᠡ᠂ ᠡᠬᠡ | ᠬᠡᠣᠬᠡᠨ ᠤ ᠬᠠᠶᠢᠷ᠎ᠠ ᠰᠡᠳᠬᠢᠯᠭᠡ᠂ ᠠᠬ᠎ᠠ ᠳᠡᠭᠦᠦ ᠶᠢᠨ ᠬᠠᠶᠢᠷ᠎ᠠ ᠰᠡᠳᠬᠢᠯᠭᠡ ᠳᠡᠭᠡᠨ ᠰᠡᠳᠬᠢᠯ ᠪᠠᠶᠠᠪᠠᠰᠣ ᠠᠷᠰᠢ ᠲᠠᠢ ᠠᠳᠠᠯᠢ᠃ | 3. ᠬᠦᠳᠡᠯᠭᠡᠭᠡᠨ ᠢᠶᠠᠷ ᠴᠡᠩᠭᠡᠯ ᠪᠣᠯᠭᠠᠬᠤ᠃ ᠠᠮᠢ ᠨᠠᠰᠣ ᠪᠣᠯ ᠬᠦᠳᠡᠯᠭᠡᠭᠡᠨ ᠳᠤ ᠪᠠᠶᠢᠳᠠᠭ᠃ ᠬᠦᠳᠡᠯᠬᠡᠬᠡᠨ ᠪᠣᠯ ᠬᠦᠮᠦᠨ ᠪᠠ ᠬᠦᠮᠦᠨ ᠤ ᠣᠶᠣᠨ | ᠣᠬᠠᠭᠠᠨ ᠣᠷᠠᠨ ᠴᠢᠳᠡᠪᠣᠷᠢ ᠶᠢ ᠪᠦᠲᠦᠬᠡᠭᠰᠡᠨ ᠶᠣᠮ᠃ ᠡᠶᠢᠮᠤ ᠠᠴᠠ ᠴᠠᠭ ᠲᠣᠬᠢᠶᠠᠯ ᠢᠶᠠᠨ ᠠᠰᠢᠭᠯᠠᠨ ᠲᠣᠬᠢᠷᠠᠮᠵᠢᠲᠠᠢ ᠬᠦᠳᠡᠯᠬᠡᠬᠡᠨ ᠬᠢᠬᠦ ᠨᠢ ᠣᠷᠲᠣ | ᠨᠠᠰᠣᠯᠠᠬᠤ ᠶᠢᠨ ᠣᠷᠠᠨ ᠠᠷᠭ᠎ᠠ ᠮᠦᠨ᠃ | 4. ᠪᠣᠰᠣᠳ ᠢ ᠲᠣᠰᠠᠯᠠᠬᠤ ᠪᠠᠷ ᠴᠡᠩᠭᠡᠯ ᠪᠣᠯᠭᠠᠬᠤ᠃ ᠪᠣᠰᠣᠳ ᠢ ᠲᠣᠰᠠᠯᠠᠵᠤ ᠬᠠᠪᠰᠣᠷᠬᠤ ᠪᠠᠷ ᠬᠠᠮᠤᠭ ᠤᠨ ᠶᠡᠭᠡ ᠴᠡᠩᠭᠡᠯᠲᠠᠢ ᠣᠴᠢᠷ | ᠪᠣᠯᠭᠠᠴᠢᠬᠠᠪᠠᠯ ᠰᠡᠳᠬᠢᠯ ᠰᠠᠨᠠᠭ᠎ᠠ ᠲᠠᠨᠢᠬᠦᠨ ᠲᠠᠯᠪᠢᠭᠤᠨ᠂ ᠦᠷᠦᠴᠡ ᠴᠡᠭᠡᠵᠢ ᠠᠭᠤᠳᠠᠮ ᠰᠠᠷᠠᠭᠤᠯ ᠪᠣᠯᠬᠤ ᠪᠣᠯᠬᠤᠷ ᠪᠡᠶ᠎ᠡ ᠴᠢᠬᠢᠷᠠᠭᠵᠢᠵᠤ ᠣᠷᠲᠣ | ᠨᠠᠰᠣᠯᠠᠬᠤ ᠨᠢ ᠲᠠᠮᠵᠢᠭ ᠦᠬᠡᠢ᠃ | 5. ᠨᠠᠰᠣᠨ ᠤ ᠬᠢᠵᠠᠭᠠᠷ ᠦᠭᠡᠢ ᠪᠠᠷ ᠴᠡᠩᠭᠡᠯ ᠪᠣᠯᠭᠠᠬᠤ᠃ ᠨᠠᠰᠣ ᠪᠠ ᠦᠶ᠎ᠡ ᠳᠤ ᠬᠢᠵᠠᠭᠠᠷᠯᠠᠭᠳᠠᠬᠤ ᠦᠬᠡᠢ ᠪᠠᠷ ᠵᠠᠯᠠᠭᠤᠴᠣᠳ ᠲᠠᠢ ᠲᠣᠲᠣᠨᠣ | ᠨᠦᠬᠦᠷᠯᠡᠬᠦ ᠬᠡᠷᠡᠭᠲᠡᠢ᠃ ᠡᠨᠡ ᠨᠢ ᠨᠠᠰᠣ ᠠᠬᠢᠭᠰᠠᠨ ᠬᠦᠮᠦᠨ ᠳᠤ ︽ ᠨᠠᠰᠣ ᠪᠠᠨ ᠮᠠᠷᠲᠠᠬᠤ︾ ᠣᠨᠴᠠᠭᠠᠢ ᠦᠢᠯᠡᠳᠦᠯ ᠭᠠᠷᠭᠠᠬᠤ ᠪᠤᠯᠬᠤᠷ ᠪᠠᠶᠠᠷ | ᠪᠠᠶᠠᠰᠬᠤᠯᠠᠩᠲᠠᠢ᠂ ᠠᠭᠤᠵᠢᠭᠤ ᠲᠠᠯᠪᠢᠭᠤ᠂ ᠢᠲᠡᠭᠡᠯ ᠲᠦᠬᠦᠷᠡᠩ᠂ ᠣᠷᠮ᠎ᠠ ᠪᠠᠭ᠋ᠠᠲᠣᠯᠲᠠᠢ ᠪᠣᠯᠭᠠᠳᠠᠭ ᠠᠴᠠ ᠡᠷᠡᠭᠦᠯ ᠴᠢᠬᠢᠷᠠᠭ ᠢ ᠪᠠᠲᠣᠯᠠᠵᠤ ᠴᠢᠳᠠᠳᠠᠭ᠃ | | | — ︽ᠠᠯᠲᠠᠨ ᠬᠦᠷᠲᠣ ᠰᠦᠯᠵᠢᠶ᠎ᠡ︾ ᠠᠴᠠ ᠠᠪᠣᠪᠠ | |