ᠦᠨᠳᠦᠰᠦᠲᠡᠨ ᠤ ᠬᠡᠷᠡᠭ ᠡᠷᠭᠢᠯᠡᠬᠦ ᠵᠥᠪᠯᠡᠯ ᠵᠠᠬ᠎ᠠ ᠳᠡᠯᠭᠡᠭᠦᠷ ᠤᠨ ᠬᠡᠷᠡᠭᠯᠡᠬᠡᠨ ᠤ ᠥᠰᠥᠭ  ᠪᠢᠢᠴᠭ ᠢ ᠲᠦᠷᠢᠮᠵᠢᠬᠦᠨ ᠬᠡᠷᠡᠭᠯᠡᠬᠦ ᠪᠠᠶᠢᠳᠠᠯ ᠤᠨ ᠲᠣᠬᠠᠢ ᠪᠠᠶᠢᠴᠠᠭᠠᠯᠲᠠ ᠥᠷᠨᠢᠭᠦᠯᠪᠡ
ᠨᠡᠶᠢᠲᠡᠯᠡᠭᠰᠡᠨ ᠴᠠᠭ᠄
2023/9/25
    ᠨᠡᠶᠢᠭᠡᠮ ᠤᠨ ᠦᠭᠡ ᠬᠡᠯᠡ ᠥᠰᠥᠭ ᠪᠢᠴᠢᠭ ᠤᠨ ᠲᠦᠷᠢᠮᠵᠢᠬᠦᠨ ᠬᠡᠷᠡᠭᠯᠡᠬᠦ ᠬᠢᠷᠢ ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠬᠦᠯᠬᠦ ᠶᠢᠨ ᠲᠦᠯᠦᠭᠡ᠂ ᠣᠶᠢᠷ᠎ᠠ ᠶᠢᠨ ᠡᠳᠦᠷ᠂ ᠣᠷᠠᠳ ᠤᠨ ᠡᠮᠦᠨᠡᠲᠤ ᠬᠤᠰᠢᠭᠤᠨ ᠤ ᠦᠨᠳᠦᠰᠦᠲᠡᠨ ᠤ ᠬᠡᠷᠡᠭ ᠡᠷᠭᠢᠯᠡᠬᠦ ᠵᠥᠪᠯᠡᠯ ᠠᠴᠠ ᠬᠤᠰᠢᠭᠤᠨ ᠤ ᠦᠭᠡ ᠬᠡᠯᠡ ᠥᠰᠥᠭ ᠪᠢᠴᠢᠭ ᠤᠨ ᠵᠥᠪᠯᠡᠯ ᠤᠨ ᠠᠯᠪᠠᠨ ᠬᠡᠷ ᠲᠠᠢ ᠬᠠᠮᠵᠢᠯᠴᠠᠨ ᠵᠠᠬ᠎ᠠ ᠳᠡᠯᠭᠡᠭᠦᠷ ᠤᠨ ᠬᠡᠷᠡᠭᠯᠡᠭᠡᠨ ᠤ ᠥᠰᠥᠭ ᠪᠢᠢᠴᠭ ᠤᠨ ᠲᠦᠷᠢᠮᠵᠢᠬᠦᠨ ᠬᠡᠷᠡᠭᠯᠡᠵᠦ ᠪᠠᠶᠢᠭ᠎ᠠ ᠪᠠᠶᠢᠳᠠᠯ ᠳᠤ ᠪᠠᠶᠢᠴᠠᠭᠠᠯᠲᠠ ᠬᠢᠪᠠ᠃

微信图片_20230925100915.jpg

    ᠪᠠᠶᠢᠴᠠᠭᠠᠬᠤ ᠳᠤᠭᠤᠶᠢᠯᠠᠩ ᠤᠨ ᠬᠢᠨ ᠮᠤᠨᠠ ᠠᠭᠤᠯᠠ ᠪᠠᠯᠭᠠᠰᠤ ᠶᠢᠨ ᠨᠠᠮ ᠵᠠᠰᠠᠭ ᠤᠨ ᠪᠠᠶᠢᠭᠤᠯᠭ᠎ᠠ᠂ ᠰᠤᠷᠭᠠᠭᠤᠯᠢ᠂ ᠲᠡᠷᠭᠡᠨ ᠦᠷᠳᠡᠭᠡ᠂

ᠡᠮᠨᠡᠯᠭᠡ ᠶᠢᠨ ᠬᠤᠷᠢᠶ᠎ᠠ᠂ ᠨᠣᠮ ᠤᠨ ᠰᠠᠩ᠂ ᠪᠣᠭᠤᠲᠣ ᠶᠢᠨ ᠪᠦᠷᠢᠨ ᠪᠠᠷᠠᠭᠠᠲᠣ ᠬᠤᠳᠠᠯᠳᠤᠭᠠᠨ ᠤ  ᠳᠡᠯᠭᠡᠭᠦᠷ᠂ ᠵᠧᠨ ᠰᠢᠩ ᠶᠡᠭᠡ ᠵᠡᠭᠡᠯᠢ᠂  ᠬᠤᠩ ᠸᠧᠢ

ᠵᠠᠮ᠂ ᠨᠡᠶᠢᠭᠡᠮ ᠲᠣᠭᠤᠷᠢᠭ ᠵᠡᠷᠭᠡ ᠲᠠᠯᠠᠪᠤᠷ ᠲᠠᠬᠢ ᠵᠢᠭᠠᠯᠲᠠ ᠶᠢᠨ ᠫᠠᠶᠢᠰᠠ᠂ ᠳᠡᠮᠳᠡᠭ ᠤᠨ ᠫᠠᠶᠢᠰᠠ᠂ ᠠᠯᠪᠠᠨ ᠵᠠᠷᠯᠠᠯ ᠤᠨ ᠫᠠᠶᠢᠰᠠ᠂ ᠤᠬᠠᠭᠤᠯᠭ᠎ᠠ ᠶᠢᠨ

ᠰᠠᠮᠪᠠᠷ᠎ᠠ᠂ ᠳᠡᠯᠭᠡᠭᠦᠷ ᠤᠨ ᠫᠠᠶᠢᠰᠠ᠂ ᠵᠠᠷ ᠤᠷᠢᠶ᠎ᠠ᠂ ᠳᠠᠷᠤᠮᠠᠯᠯᠠᠨ ᠲᠠᠷᠬᠠᠭᠠᠭᠰᠠᠨ ᠪᠢᠴᠢᠭ ᠮᠠᠲ᠋ᠧᠷᠢᠶᠠᠯ  ᠵᠡᠷᠭᠡ ᠶᠢᠨ ᠬᠡᠷᠡᠭᠯᠡᠭᠡᠨ ᠤ ᠦᠰᠦᠭ ᠤᠨ

ᠲᠦᠷᠢᠮᠵᠢᠬᠦᠨ ᠪᠠᠶᠢᠳᠠᠯ ᠢ ᠪᠠᠶᠢᠴᠠᠭᠠᠨ ᠦᠵᠡᠬᠦ ᠶᠢᠨ ᠬᠠᠮᠲᠣ᠂  ᠪᠠᠶᠢᠴᠠᠭᠠᠯᠲᠠ ᠶᠢᠨ ᠳᠤᠮᠳᠠ ᠣᠯᠵᠤ ᠮᠡᠳᠡᠭᠰᠡᠨ ᠮᠣᠩᠭᠤᠯ ᠬᠡᠯᠡᠨ ᠤ ᠣᠷᠴᠢᠭᠤᠯᠭ᠎ᠠ ᠶᠢᠨ

ᠠᠯᠳᠠᠭ᠎ᠠ ᠪᠤᠷᠤᠭᠤ᠂ ᠪᠢᠴᠢᠭᠰᠡᠨ ᠨᠢ ᠵᠢᠷᠤᠮᠵᠢᠯ ᠥᠬᠡᠶ᠂ ᠥᠰᠥᠭ ᠤᠨ ᠲᠢᠭ ᠨᠢ ᠪᠦᠷᠢᠨ ᠪᠤᠰᠤ ᠵᠡᠷᠭᠡ ᠪᠠᠶᠢᠳᠠᠯ ᠢ ᠨᠢᠭᠡᠳ ᠨᠢᠭᠡ ᠪᠠᠷ  ᠲᠡᠮᠳᠡᠭᠯᠡᠨ

ᠠᠪᠴᠣ ᠲᠠᠩᠰᠠ ᠡᠪᠬᠡᠮᠡᠯ ᠳᠤ ᠣᠷᠣᠭᠤᠯᠤᠨ᠂ ᠲᠡᠳᠡᠨ ᠢ ᠰᠢᠮᠳᠠᠭᠤᠯᠤᠨ ᠠᠯᠢ ᠲᠦᠷᠭᠡᠨ ᠢᠶᠠᠷ ᠴᠡᠭᠴᠡᠯᠡᠨ  ᠦᠬᠡᠷᠡᠴᠢᠯᠡᠬᠦ ᠶᠢ ᠰᠠᠨᠠᠭᠠᠴᠢᠯᠠᠪᠠ᠃

    ᠨᠡᠶᠢᠭᠡᠮ ᠤᠨ ᠬᠡᠷᠡᠭᠯᠡᠭᠡᠨ ᠤ ᠥᠰᠥᠭ ᠪᠢᠢᠴᠭ ᠤᠨ ᠲᠦᠷᠢᠮᠵᠢᠬᠦᠨ ᠪᠠᠶᠢᠳᠠᠯ ᠤᠨ ᠲᠤᠰᠬᠠᠶ ᠪᠠᠶᠢᠴᠠᠭᠠᠯᠲᠠ ᠶᠢ ᠥᠷᠨᠢᠭᠦᠯᠬᠦ ᠨᠢ ᠪᠥᠬᠦ ᠬᠤᠰᠢᠭᠤᠨ ᠤ

ᠦᠭᠡ ᠬᠡᠯᠡ ᠥᠰᠥᠭ ᠪᠢᠴᠢᠭ ᠤᠨ ᠠᠵᠢᠯ ᠤᠨ ᠳᠦᠷᠢᠮᠵᠢᠭᠰᠡᠨ ᠪᠠᠶᠢᠭᠤᠯᠤᠯᠲᠠ ᠶᠢ ᠠᠬᠢᠭᠤᠯᠬᠤ ᠳᠤ ᠠᠰᠢᠭᠲᠠᠶ  ᠪᠠᠷ ᠪᠠᠷᠠᠬᠤ ᠦᠬᠡᠢ ᠂ ︽ᠬᠥᠮᠦᠨ

ᠪᠦᠬᠦᠨ ᠳᠦᠷᠢᠮᠵᠢᠭᠰᠡᠨ ᠦᠬᠡ ᠬᠡᠯᠡ ᠥᠰᠥᠭ ᠪᠢᠴᠢᠭ ᠬᠡᠷᠡᠭᠯᠡᠬᠦ︾ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠬᠤ ᠳᠤ ᠠᠰᠢᠭᠲᠠᠶ ᠶᠤᠮ᠃

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ