ᠡᠮᠨᠡᠯᠭᠡ ᠶᠢᠨ ᠲᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠂ ᠡᠮᠡᠭᠳᠡᠢ ᠬᠦᠮᠦᠨ ᠨᠢᠭᠡ ᠪᠡᠶᠡᠨ ᠳᠡᠭᠡᠨ ᠦᠷᠭᠦᠯᠵᠢ ᠴᠢᠪᠠᠭ᠎ᠠ ᠢᠳᠡᠬᠦ ᠬᠡᠷᠡᠭᠳᠡᠢ᠃ | ᠴᠢᠪᠠᠭ᠎ᠠ ᠪᠣᠯ ᠡᠮᠡᠭᠳᠡᠢ ᠬᠦᠮᠦᠨ ᠤ ᠬᠠᠮᠤᠭ ᠤᠨ ᠰᠠᠶᠢᠨ ᠰᠢᠮ᠎ᠡ ᠲᠡᠵᠢᠭᠡᠯ ᠪᠠ ᠭᠤᠶᠤᠯᠠᠯ ᠤᠨ ᠵᠢᠮᠢᠰ ᠮᠦᠨ ᠭᠡᠵᠤ ᠪᠤᠢ᠃ | ︵1︶ ᠴᠢᠪᠠᠭ᠎ᠠ ᠶᠢ ᠪᠤᠴᠠᠯᠤᠭᠰᠠᠨ ᠤᠰᠤᠨ ᠳᠤ ᠴᠢᠢᠯᠡᠵᠦ ᠤᠰᠤ ᠢ ᠨᠢ ᠤᠤᠭᠤᠪᠠᠯ ᠡᠯᠢᠭᠡ ᠬᠤᠳᠤᠭᠤᠳᠤ ᠶᠢ ᠭᠠᠮᠨᠠᠵᠤ ᠪᠡᠶ᠎ᠡ ᠶᠢᠨ ᠬᠤᠤᠷ ᠢ | ᠠᠷᠢᠯᠭᠠᠨ᠎ᠠ᠃ | ︵2︶ ᠴᠢᠪᠠᠭ᠎ᠠ ᠶᠢ ᠯᠤᠤ ᠶᠢᠨ ᠨᠢᠳᠤ ᠲᠠᠢ᠂ ᠬᠦᠬᠡ ᠴᠠᠢ ᠲᠠᠢ ᠴᠤᠭ ᠴᠢᠢᠯᠡᠵᠦ ᠤᠤᠭᠤᠪᠠᠯ ᠲᠠᠮᠢᠷ ᠲᠡᠩᠬᠡᠭᠡ ᠶᠢ ᠨᠡᠮᠡᠭᠳᠡᠬᠦᠯᠵᠤ ᠬᠤᠭᠤᠯᠠᠢ | ᠪᠠᠭᠠᠯᠵᠠᠭᠤᠷ ᠲᠤ ᠰᠠᠶᠢᠨ᠃ | ︵3︶ ᠴᠢᠪᠠᠭ᠎ᠠ ᠶᠢ ᠮᠦᠰᠦᠨ ᠰᠢᠬᠡᠷ᠂ ᠲᠤᠳᠤᠷᠭ᠎ᠠ ᠪᠤᠶᠤ ᠨᠠᠷᠢᠮᠤ ᠪᠤᠳᠠᠭ᠎ᠠ ᠲᠠᠢ ᠰᠢᠩᠬᠡᠨ ᠵᠤᠳᠠᠩ ᠪᠤᠯᠭᠠᠨ ᠴᠢᠨᠠᠵᠤ ᠢᠳᠡᠪᠡᠯ ᠠᠭᠤᠰᠬᠢᠨ | ᠬᠠᠯᠠᠭᠤᠨ ᠢ ᠬᠦᠭᠡᠭᠡᠵᠤ ᠬᠠᠨᠢᠶᠠᠳᠤ ᠳᠤ ᠲᠤᠰᠠᠳᠠᠢ᠃ | ︵4︶ ᠴᠢᠪᠠᠭ᠎ᠠ᠂ ᠯᠤᠤ ᠶᠢᠨ ᠨᠢᠳᠤ᠂ ᠤᠯᠠᠭᠠᠨ ᠰᠢᠬᠢᠷ᠂ ᠦᠨᠳᠡᠭᠡ ᠲᠠᠢ ᠴᠤᠭ ᠴᠢᠨᠠᠵᠤ ᠢᠳᠡᠪᠡᠯ ᠦᠩᠬᠡ ᠵᠢᠰᠤ ᠶᠢ ᠭᠤᠶᠤᠵᠢᠭᠤᠯᠬᠤ | ᠦᠢᠯᠡᠳᠤᠯ ᠲᠠᠢ᠃ | ︵5︶ ᠴᠢᠪᠠᠭ᠎ᠠ ᠶᠢ ᠠᠷᠢᠬᠢᠨ ᠳᠤ ᠲᠡᠪᠳᠤᠭᠡᠵᠤ ᠵᠤᠬᠢᠮᠵᠢᠳᠠᠢ ᠤᠤᠭᠤᠵᠤ ᠨᠢ ᠴᠢᠰᠤᠨ ᠡᠷᠭᠢᠯᠳᠡ ᠶᠢ ᠰᠠᠶᠢᠵᠢᠷᠠᠭᠤᠯᠵᠤ᠂ ᠬᠤᠳᠤᠭᠤᠳᠤ | ᠬᠡᠲᠡᠰᠤ ᠶᠢ ᠭᠠᠮᠨᠠᠵᠤ ᠬᠠᠮᠠᠭᠠᠯᠠᠬᠤ ᠦᠢᠯᠡᠳᠦᠯ ᠲᠠᠢ ᠪᠠᠶᠢᠳᠠᠭ᠃ | |