ᠠᠮᠢᠳᠤᠷᠠᠯ ᠪᠣᠯ ᠴᠢᠨᠦᠬᠢ᠂ ᠦᠪᠡᠷ ᠢᠶᠠᠨ ᠴᠢᠷᠮᠠᠢᠬᠤ ᠦᠭᠡᠢ ᠪᠣᠯ ᠬᠡᠨ ᠴᠦ ᠴᠢᠨᠦ ᠡᠮᠦᠨ᠎ᠡ ᠠᠴᠠ ᠳᠣᠰᠠ ᠪᠤᠯᠵᠦ ᠴᠢᠳᠠᠬᠤ ᠦᠭᠡᠢ ᠶᠤᠮ᠃ ᠨᠣᠮ | ᠤᠩᠰᠢᠬᠤ ᠶᠢ ᠪᠠᠷᠢᠮᠲᠠᠯᠠᠵᠤ᠂ ᠴᠠᠭ ᠢᠮᠠᠬᠲᠠ ᠪᠡᠶ᠎ᠡ ᠪᠠᠨ ᠪᠣᠯᠪᠠᠰᠤᠷᠠᠭᠤᠯᠵᠤ᠂ ᠪᠤᠯᠵᠤᠭᠰᠠᠨ ᠶᠠᠪᠤᠳᠠᠯ ᠠᠴᠠ ᠪᠠᠨ ᠲᠠᠪᠤᠨ ᠮᠢᠨᠦ᠋ᠲ ᠣᠷᠢᠳᠴᠢᠯᠠᠵᠦ | ᠤᠴᠢᠬᠤ ᠁ ᠭᠡᠳ ᠣᠯᠠᠨ ᠣᠯᠠᠨ ᠰᠠᠶᠢᠬᠠᠨ ᠳᠠᠳᠬᠠᠯ ᠨᠢ ᠲᠠᠨ ᠢ ᠪᠤᠯᠪᠠᠰᠣᠷᠠᠯ ᠲᠠᠢ ᠬᠦᠮᠦᠨ ᠪᠤᠯᠬᠤ ᠳᠤ ᠴᠢᠨᠢ ᠲᠤᠰᠠ ᠪᠤᠯᠳᠠᠭ᠃ ᠥᠪᠡᠷ ᠢ ᠪᠠᠨ | ᠬᠦᠮᠦᠵᠢᠬᠦᠯᠬᠦ ᠲᠣᠬᠢᠶᠠᠯ ᠪᠦᠬᠦᠨ ᠢ ᠠᠯᠳᠠᠬᠤ ᠦᠬᠡᠢ ᠪᠠᠶᠢᠵᠦ᠂ ᠴᠠᠭ ᠢ ᠳᠠᠯᠠᠭᠠᠷ ᠦᠩᠭᠡᠷᠡᠬᠦᠯᠬᠦ ᠦᠬᠡᠢ᠂ ᠦᠪᠡᠷ ᠤᠨ ᠢᠶᠠᠨ ᠳᠦᠯᠦᠬᠡ ᠠᠰᠢᠬᠯᠠᠵᠦ | ᠰᠣᠷᠣᠭᠠᠷᠠᠢ᠃ | 1. ᠨᠣᠮ ᠤᠩᠰᠢᠬᠤ ᠶᠢ ᠪᠠᠷᠢᠮᠲᠠᠯᠠ᠃ ᠨᠣᠮ ᠤᠩᠰᠢᠬᠤ ᠨᠢ ᠪᠢᠳᠡᠨ ᠳᠤ ᠳᠡᠯᠡᠬᠡᠢ ᠶᠢᠷᠲᠢᠨᠴᠦ ᠶᠢᠨ ᠳᠦᠮᠡᠨ ᠭᠡᠷᠡᠭ ᠢ ᠳᠡᠬᠦᠰ ᠳᠠᠨᠢᠭᠤᠯᠳᠠᠭ ᠠᠴᠠ | ᠲᠡᠷᠡ ᠪᠤᠯ ᠲᠠᠨ ᠤ ᠬᠦᠷᠦᠭᠰᠡᠨ ᠭᠠᠵᠠᠷ᠂ ᠬᠠᠷᠠᠭᠰᠠᠨ ᠵᠦᠢᠯ ᠴᠢᠨᠢ ᠶᠤᠮ᠃ ᠠᠮᠢᠳᠤᠷᠠᠯ ᠤᠨ ᠢᠶᠠᠨ ᠠᠯᠢ ᠦᠶ᠎ᠡ ᠳᠤ ᠴᠤ ᠬᠡᠰᠡᠨ ᠨᠣᠮ ᠤᠩᠰᠢᠬᠤ ᠢᠶᠠᠨ | ᠬᠠᠶᠠᠵᠦ ᠪᠣᠯᠬᠤ ᠦᠭᠡᠢ᠃ ᠡᠳᠦᠷ ᠪᠦᠷᠢ ᠬᠠᠭᠠᠰ ᠴᠠᠭ ᠯᠡ ᠣᠩᠰᠢᠬᠤ ᠳᠤ ᠬᠠᠷᠠᠭ᠎ᠠ ᠶᠢ ᠴᠢᠨᠢ ᠳᠡᠯᠠᠵᠦ᠂ ᠰᠠᠨᠠᠭ᠎ᠠ ᠶᠢ ᠴᠢᠨᠢ ᠳᠡᠳᠬᠦᠵᠦ ᠴᠢᠳᠠᠨ᠎ᠠ᠃ | 2. ᠴᠠᠭ ᠢᠮᠠᠬᠲᠠ ᠪᠡᠶ᠎ᠡ ᠪᠠᠨ ᠴᠢᠬᠢᠷᠠᠬᠵᠢᠭᠤᠯᠤᠭᠠᠷᠠᠢ᠃ ᠠᠮᠢᠳᠤᠷᠠᠯ ᠴᠢᠨᠢ ᠬᠡᠴᠢᠨᠡᠨ ᠶᠠᠭᠠᠷᠠᠯᠲᠠᠢ ᠪᠠᠶᠢᠭᠰᠠᠨ ᠴᠤ ᠪᠡᠶ᠎ᠡ ᠪᠠᠨ ᠪᠤᠯᠪᠠᠰᠣᠷᠠᠭᠤᠯᠬᠤ | ᠴᠠᠭ ᠭᠠᠷᠭᠠᠵᠤ ᠪᠠᠶᠢᠭᠠᠷᠠᠢ᠃ ᠬᠦᠭᠰᠢᠷᠡᠵᠦ ᠪᠢᠰᠢ ᠬᠦᠰᠢᠵᠦ ᠦᠬᠦᠨ᠎ᠡ ᠬᠡᠳᠡᠭ ᠦᠬᠡ ᠪᠠᠶᠢᠳᠠᠭ᠃ ᠬᠥᠳᠡᠯᠭᠡᠭᠡᠨ ᠬᠢᠬᠦ ᠨᠢ ᠠᠯᠵᠠᠭᠤ ᠬᠤᠶᠢᠷᠭᠤ | ᠠᠷᠠᠨᠰᠢᠨ ᠢ ᠴᠢᠨᠢ ᠬᠠᠶᠠᠭᠤᠯᠵᠦ᠂ ᠦᠶ᠎ᠡ ᠬᠡᠰᠢᠬᠦᠦ ᠶᠢ ᠴᠢᠨᠢ ᠬᠤᠶᠠᠩ ᠠᠴᠠ ᠴᠢᠯᠦᠬᠡᠯᠡᠨ᠂ ᠪᠤᠳᠤᠯ ᠰᠡᠳᠬᠢᠴᠡ ᠶᠢ ᠴᠢᠨᠢ ᠬᠤᠷᠴᠠᠯᠠᠵᠦ ᠪᠠᠶᠢᠳᠠᠭ᠃ | 3. ᠰᠠᠶᠢᠬᠠᠨ ᠬᠤᠷᠣᠮ ᠢ ᠠᠩᠬᠠᠷᠴᠦ ᠠᠵᠢᠭᠯᠠ᠃ ᠬᠤᠲᠠ ᠶᠢᠨ ᠭᠠᠳᠠᠭᠤᠷ ᠵᠤᠭᠠᠯᠠᠵᠦ ᠪᠠᠶᠢᠬᠤ ᠳᠤ ᠲᠡᠭᠷᠢ ᠴᠡᠯᠮᠡᠭ ᠲᠤᠩᠭᠠᠯᠠᠭ ᠪᠠᠶᠢᠭᠰᠠᠨ᠂ | ᠭᠡᠨᠡᠳᠲᠡ ᠠᠮᠲᠠᠲᠠᠢ ᠶᠠᠭᠤᠮ᠎ᠠ ᠣᠯᠵᠤ ᠢᠳᠡᠬᠦ᠂ ᠠᠵᠢᠯ ᠤᠨ ᠲᠠᠯ᠎ᠠ ᠪᠠᠷ ᠪᠠᠭ᠎ᠠ ᠰᠠᠭ᠎ᠠ ᠴᠦ ᠬᠡᠰᠡᠨ ᠠᠮᠵᠢᠯᠲᠠ ᠭᠠᠷᠭᠠᠬᠤ᠂ ᠰᠤᠷᠤᠯᠭ᠎ᠠ ᠶᠢᠨ ᠳᠤᠮᠳᠠ ᠪᠠᠨ | ᠬᠦᠴᠢᠷ ᠰᠡᠳᠦᠪ ᠢ ᠬᠢᠵᠦ ᠴᠢᠳᠠᠬᠤ ᠁ ᠭᠡᠳ ᠬᠡᠷᠪᠡ ᠲᠠ ᠠᠩᠵᠠᠭᠠᠷᠠᠳᠠᠭ ᠯᠡ ᠶᠤᠮ ᠪᠣᠯ᠂ ᠭᠠᠶᠢᠬᠠᠯᠳᠠᠢ ᠬᠤᠷᠤᠮ ᠭᠠᠵᠠᠷ ᠢᠶᠠᠷ ᠳᠦᠬᠦᠷᠡᠩ | ᠪᠠᠶᠢᠭ᠎ᠠ᠃ | 4. ᠥᠪᠡᠷ ᠢ ᠪᠠᠨ ᠦᠷᠭᠦᠯᠵᠢ ᠰᠢᠬᠦᠵᠦ ᠲᠤᠩᠭ᠎ᠠ᠃ ᠬᠥᠮᠥᠨ ᠥᠪᠡᠷ ᠢ ᠪᠠᠨ ᠲᠣᠳᠣᠷᠬᠠᠢ ᠲᠠᠨᠢᠵᠤ᠂ ᠣᠯᠣᠭᠰᠠᠨ ᠠᠯᠳᠠᠭᠰᠠᠨ ᠢᠶᠠᠨ ᠳᠣᠩᠭᠠᠵᠦ᠂ | ᠲᠠᠰᠤᠷᠠᠯᠲᠠ ᠦᠭᠡᠢ ᠬᠠᠯᠠᠵᠦ ᠰᠠᠶᠢᠵᠢᠷᠠᠭᠤᠯᠪᠠᠯ ᠰᠠᠶ᠋ᠢ ᠣᠯᠠᠮ ᠰᠢᠯᠢᠳᠡᠭ ᠬᠥᠮᠥᠨ ᠪᠣᠯᠵᠤ ᠬᠦᠮᠦᠵᠢᠭᠳᠡᠨ᠎ᠡ᠃ | 5. ᠪᠤᠯᠵᠤᠭᠰᠠᠨ ᠶᠠᠪᠤᠳᠠᠯ ᠠᠴᠠ ᠪᠠᠨ 5 ᠮᠢᠨᠦ᠋ᠲ ᠣᠷᠢᠳᠴᠢᠯᠠᠵᠦ ᠤᠴᠢᠨ᠎ᠠ᠃ ᠪᠡᠯᠡᠳᠬᠡᠯ ᠲᠠᠢ ᠪᠤᠯ ᠪᠠᠯᠠᠳᠠᠬᠤ ᠦᠬᠡᠢ ᠬᠡᠳᠡᠭ᠃ | ᠰᠤᠷᠭᠠᠭᠤᠯᠢ ᠳᠠᠭᠠᠨ 5 ᠮᠢᠨᠦ᠋ᠲ ᠤᠷᠢᠳᠴᠢᠯᠠᠵᠦ ᠬᠦᠷᠦᠨ᠎ᠡ᠂ ᠵᠣᠴᠢᠨ ᠲᠠᠢ ᠠᠭᠤᠯᠵᠠᠬᠤ ᠳᠠᠭᠠᠨ 5 ᠮᠢᠨᠦ᠋ᠲ ᠤᠷᠢᠳᠴᠢᠯᠠᠵᠦ ᠤᠴᠢᠨ᠎ᠠ᠂ | ᠨᠠᠶᠢᠵᠠ ᠲᠠᠢ ᠪᠠᠨ ᠠᠭᠤᠯᠵᠠᠬᠤ ᠳᠠᠭᠠᠨ ᠴᠦ 5 ᠮᠢᠨᠦ᠋ᠲ ᠤᠨ ᠡᠮᠦᠨ᠎ᠡ ᠬᠦᠷᠦᠬᠡᠷᠡᠢ᠃ | 6. ᠦᠭᠡ ᠶᠢᠨ ᠰᠠᠶᠢᠬᠠᠨ ᠢ ᠶᠠᠷᠢᠵᠦ ᠪᠠᠢ᠃ ᠶᠡᠷᠦ ᠶᠢᠨ ᠦᠭᠡᠨ ᠳᠤ ︽ᠦᠬᠡ ᠪᠠᠷ ᠬᠦᠮᠦᠨ ᠢ ᠦᠬᠦᠬᠦᠯᠵᠦ ᠪᠤᠯᠤᠨ᠎ᠠ᠂ ᠪᠤᠷᠮ᠎ᠠ ᠪᠠᠷ | ᠳᠡᠳᠬᠦᠬᠦ ᠪᠠᠷ ᠢᠶᠠᠨ ᠣᠷᠮ᠎ᠠ ᠪᠠᠷ ᠳᠡᠳᠬᠦ︾ ᠭᠡᠵᠦ ᠶᠠᠷᠢᠳᠠᠭ᠃ ᠵᠦᠪ ᠰᠠᠨᠠᠭ᠎ᠠ ᠲᠠᠢ ᠰᠠᠶᠢᠬᠠᠨ ᠦᠬᠡ ᠦᠨᠡᠭᠡᠷ ᠬᠦᠮᠦᠰ ᠲᠤ ᠣᠷᠮ᠎ᠠ ᠦᠭᠴᠦ ᠪᠠᠶᠢᠳᠠᠭ | ᠪᠤᠯ ᠬᠠᠳᠠᠭᠤ ᠰᠢᠷᠦᠬᠦᠨ ᠬᠠᠬᠢᠷ ᠦᠬᠡ ᠰᠡᠳᠬᠢᠯ ᠢ ᠰᠡᠪᠳᠦᠬᠡᠵᠦ ᠪᠠᠶᠢᠳᠠᠭ᠃ | 7. ᠪᠤᠰᠤᠳ ᠲᠤ ᠦᠷᠬᠦᠯᠵᠢ ᠳᠠᠯᠠᠷᠬᠠᠵᠦ ᠶᠠᠪᠤᠭᠠᠷᠠᠢ᠃ ᠠᠮᠢᠳᠣᠷᠠᠯ ᠳᠣᠮᠳᠠ ᠪᠤᠰᠤᠳ ᠤᠨ ᠳᠣᠰᠠᠯᠠᠮᠵᠢ ᠶᠠᠮᠠᠷ ᠨᠢᠬᠡᠨ ᠴᠠᠭ ᠲᠤ ᠲᠠᠨ ᠳᠤ | ᠬᠡᠷᠡᠭ ᠲᠠᠢ ᠨᠢ ᠮᠡᠳᠡᠭᠡᠵᠢ᠃ ᠭᠡᠷ ᠪᠦᠯᠢ ᠶᠢᠨ ᠳᠣᠳᠣᠷ᠎ᠠ ᠪᠠᠨ ᠠᠪᠤ ᠡᠵᠢ ᠠᠬ᠎ᠠ ᠳᠡᠬᠦᠦ ᠰᠠᠳᠣᠨ ᠠᠮᠠᠷᠠᠭ ᠨᠦᠬᠦᠷ ᠲᠡᠭᠡᠨ ᠪᠠᠰᠠ ᠪᠠᠶᠠᠷ ᠳᠠᠯᠠᠷᠬᠠᠯ ᠤᠨ | ᠦᠬᠡ ᠢᠯᠡᠬᠦᠬᠡᠨ ᠬᠡᠯᠡᠵᠦ ᠪᠠᠶᠢᠬᠤ ᠨᠢ ᠴᠢᠬᠤᠯᠠ᠃ ᠨᠠᠶᠢᠵᠠ ᠨᠦᠬᠦᠳ ᠤᠨ ᠳᠣᠮᠳᠠ ᠪᠤᠶᠤ ᠪᠤᠰᠤᠳ ᠶᠠᠮᠠᠷ ᠨᠢᠬᠡᠨ ᠬᠠᠷᠢᠯᠴᠠᠭᠠᠨ ᠳᠤ ᠴᠦ ᠠᠳᠠᠯᠢᠬᠠᠨ | ᠠᠴᠢ ᠳᠣᠰᠠ ᠶᠢ ᠨᠢ ᠬᠦᠷᠳᠡᠵᠦ ᠪᠠᠶᠢᠭᠰᠠᠨ ᠪᠠᠶᠢᠭ᠎ᠠ ᠦᠬᠡᠢ ᠴᠦ ᠰᠠᠶᠢᠬᠠᠨ ᠰᠡᠳᠬᠢᠯ ᠢᠶᠠᠷ ᠬᠠᠨᠳᠣᠵᠦ ᠲᠠᠯᠠᠷᠬᠠᠯ ᠢᠶᠠᠨ ᠦᠷᠬᠦᠯᠵᠢ ᠳᠡᠪᠰᠢᠬᠦᠯᠵᠦ | ᠪᠠᠶᠢᠭᠠᠷᠠᠢ᠃ | 8. ᠪᠤᠰᠤᠳ ᠤᠨ ᠳᠣᠬᠠᠢ ᠪᠢᠲᠡᠭᠡᠢ ᠳᠤᠷ᠎ᠠ ᠪᠠᠷ ᠢᠶᠠᠨ ᠦᠨᠡᠯᠡᠭᠡᠷᠡᠢ᠃ ᠡᠨᠡ ᠪᠤᠯ ᠪᠣᠯᠪᠠᠰᠤᠷᠠᠯ ᠲᠠᠢ ᠪᠠᠶᠢᠭ᠎ᠠ ᠶᠢᠨ ᠨᠢᠭᠡ ᠵᠦᠢᠯ ᠤᠨ ᠢᠯᠡᠷᠡᠯ ᠮᠦᠨ | ᠃ ᠪᠤᠰᠤᠳ ᠢ ᠬᠦᠨᠳᠦᠳᠬᠡᠬᠦ ᠶᠢ ᠮᠡᠳᠡᠳᠡᠭ ᠬᠥᠮᠥᠨ᠂ ᠬᠦᠮᠦᠨ ᠢ ᠡᠪ ᠦᠭᠡᠶᠢᠷᠡᠭᠦᠯᠬᠦ ᠦᠭᠡ ᠶᠢ ᠳᠤᠷ᠎ᠠ ᠪᠠᠷ ᠢᠶᠠᠨ ᠬᠡᠯᠡᠬᠦ ᠦᠭᠡᠢ ᠶᠤᠮ᠃ ᠨᠥᠭᠦᠭᠡ | ᠬᠦᠮᠦᠨ ᠴᠢᠨᠢ ᠦᠨᠡᠬᠡᠷ ᠣᠯᠢᠭ ᠦᠭᠡᠢ ᠪᠠᠶᠢᠭᠰᠠᠨ ᠴᠤ ᠬᠡᠯᠡᠬᠦ ᠦᠭᠡ ᠪᠠᠨ ᠪᠤᠳᠣᠵᠦ᠂ ᠦᠨᠡᠨ ᠰᠡᠳᠬᠢᠯ ᠠᠴᠠ ᠪᠠᠨ ᠰᠠᠨᠠᠭᠤᠯᠬᠤ ᠪᠤᠶᠤ ᠡᠪᠳᠡᠢ ᠬᠡᠯᠡᠬᠦ ᠶᠢ | ᠡᠷᠬᠢᠮᠯᠡᠬᠦ ᠨᠢ ᠴᠢᠬᠤᠯᠠ᠃ | 9. ᠠᠳᠠᠭ᠎ᠠ ᠵᠢᠳᠦᠬᠡ ᠪᠠᠭᠠᠳᠠᠢ᠂ ᠪᠤᠬᠢᠨᠢᠳᠣᠯ ᠦᠬᠡᠢ ᠠᠮᠢᠳᠣᠷᠠ᠃ ᠠᠮᠢᠳᠤᠷᠠᠯ ᠳᠤ ᠰᠡᠳᠬᠢᠯ ᠪᠤᠬᠢᠨᠢᠳᠣᠭᠤᠯᠣᠭᠰᠠᠨ ᠤᠴᠢᠷ ᠲᠣᠬᠢᠶᠠᠯᠳᠤᠬᠤ | ᠦᠭᠡᠢ ᠬᠡᠵᠦ ᠬᠠᠮᠢᠭ᠎ᠠ ᠪᠠᠶᠢᠬᠤᠪ᠃ ᠭᠡᠪᠡᠴᠦ ᠵᠠᠷᠢᠮ ᠶᠠᠪᠤᠳᠠᠯ ᠳᠤ ᠠᠳᠠᠭ᠎ᠠ ᠵᠢᠳᠦᠬᠡ ᠨᠡᠮᠡᠭᠳᠡᠬᠦ ᠳᠣᠰᠣᠮ ᠣᠯᠠᠮ ᠪᠤᠳᠤᠯᠢᠶᠠᠨᠲᠠᠢ ᠪᠤᠯᠵᠦ ᠪᠠᠶᠢᠳᠠᠭ᠃ | ᠬᠠᠮᠤᠭ ᠤᠨ ᠮᠡᠷᠭᠡᠨ ᠠᠷᠭ᠎ᠠ ᠪᠣᠯ ᠡᠬᠦᠨ ᠠᠴᠠ ᠴᠠᠭ ᠲᠤᠬᠠᠢ ᠳᠤᠨᠢ ᠬᠤᠯᠠᠳᠠᠬᠤ ᠶᠠᠪᠤᠳᠠᠯ ᠪᠣᠯᠣᠨ᠎ᠠ᠃ ᠬᠡᠷᠡᠭ ᠦᠭᠡᠢ ᠠᠳᠠᠭ᠎ᠠ ᠵᠢᠳᠦᠬᠡ ᠪᠠ | ᠮᠥᠷᠭᠦᠯᠳᠦᠭᠡᠨ ᠠᠴᠠ ᠬᠤᠯᠠᠳᠠᠪᠠᠯ ᠰᠠᠶ᠋ᠢ ᠨᠡᠩ ᠲᠠᠭᠠᠯᠠᠮᠵᠢᠲᠠᠢ᠂ ᠲᠠᠪᠠᠲᠠᠢ ᠠᠮᠢᠳᠤᠷᠠᠵᠤ ᠴᠢᠳᠠᠨ᠎ᠠ᠃ | 10. ᠦᠪᠡᠷ ᠤᠨ ᠬᠢ ᠪᠠᠨ ᠪᠠᠷᠢᠮᠲᠠᠯᠠ᠃ ᠬᠥᠮᠥᠨ ᠬᠡᠷᠪᠡ ᠥᠪᠡᠷ ᠤᠨ ᠦᠵᠡᠯᠲᠡ ᠦᠭᠡᠢ ᠪᠠᠷ ᠶᠠᠪᠤᠳᠠᠯ ᠪᠣᠯᠭᠠᠨ ᠳᠤ ᠪᠤᠰᠤᠳ ᠢ ᠲᠦᠰᠢᠭᠯᠡᠬᠦ ᠳᠤ | ᠬᠦᠷᠪᠡᠯ᠂ ᠬᠠᠮᠢᠭ᠎ᠠ ᠶᠠᠪᠤᠬᠰᠠᠨ ᠴᠦ ᠠᠮᠠᠷᠬᠠᠨ ᠰᠠᠨᠠᠭᠠᠴᠢᠯᠠᠭ᠎ᠠ ᠦᠭᠡᠢ ᠪᠠᠶᠢᠷᠢᠨ ᠳᠤ ᠣᠷᠣᠬᠤ ᠪᠣᠯᠣᠨ᠎ᠠ᠃ ᠬᠡᠵᠢᠶ᠎ᠡ ᠬᠠᠮᠢᠭ᠎ᠠ ᠴᠤ ᠭᠡᠰᠡᠨ ᠴᠥᠮ | ᠦᠪᠡᠷ ᠤᠨ ᠬᠢ ᠪᠠᠨ ᠪᠠᠷᠢᠮᠳᠠᠯᠠᠨ᠂ ᠦᠵᠡᠯᠲᠡ ᠳᠣᠳᠣᠷᠬᠠᠢ ᠪᠠᠶᠢᠬᠤ ᠬᠡᠷᠡᠭᠲᠡᠢ᠃ ᠥᠪᠡᠷ ᠤᠨ ᠶᠠᠪᠤᠳᠠᠯ ᠢᠶᠠᠨ ᠦᠪᠡᠷᠳᠡᠬᠡᠨ ᠡᠵᠡᠨ ᠮᠡᠳᠡᠵᠦ᠂ | ᠬᠠᠷᠠᠯᠲᠠ ᠪᠠᠨ ᠳᠣᠳᠣ ᠲᠣᠭᠲᠠᠭᠠᠵᠤ᠂ ᠲᠥᠯᠥᠪᠯᠡᠭᠡ ᠪᠠᠨ ᠰᠠᠶᠢᠲᠤᠷ ᠬᠢᠵᠦ᠂ ᠥᠪᠡᠷ ᠤᠨ ᠴᠢᠳᠠᠪᠤᠷᠢ ᠳᠠᠭᠠᠨ ᠲᠦᠰᠢᠭᠯᠡᠨ ᠠᠰᠠᠭᠤᠳᠠᠯ ᠢ ᠰᠢᠢᠳᠪᠦᠷᠢᠯᠡᠬᠦ | ᠬᠡᠷᠡᠭᠲᠡᠢ᠃ | |