ᠣᠷᠴᠢᠮ ᠳᠤ ᠮᠠᠰᠢ ᠣᠯᠠᠨ ᠬᠥᠮᠦᠨ ᠲᠣᠯᠣᠭᠠᠶ ᠪᠠᠨ ᠤᠬᠢᠶᠠᠭᠰᠠᠨ ᠤ ᠳᠠᠷᠠᠭ᠎ᠠ ᠳᠠᠷᠤᠢ ᠳᠤᠨᠢ ᠦᠯᠢᠶᠡᠵᠦ ᠬᠠᠲᠠᠭᠠᠬᠤ ᠡᠰᠡᠬᠦ ᠶᠢ ᠰᠦᠯᠵᠢᠶᠡᠨ | ᠳᠡᠭᠡᠷ᠎ᠡ ᠮᠠᠷᠭᠤᠯᠳᠤᠵᠤ ᠪᠠᠶᠢᠨ᠎ᠠ᠃ ᠪᠡᠭᠡᠵᠢᠩ ᠶᠡᠭᠡ ᠰᠤᠷᠭᠠᠭᠤᠯᠢ ᠶᠢᠨ ᠨᠢᠭᠡᠳᠦᠭᠡᠷ ᠡᠮᠨᠡᠯᠭᠡ ᠶᠢᠨ ᠬᠤᠷᠢᠶᠠᠨ ᠤ ᠠᠷᠠᠰᠤᠨ ᠤ ᠰᠠᠯᠠᠭᠠᠨ ᠤ ᠡᠷᠬᠢᠯᠡᠭᠴᠢ | ᠡᠮᠴᠢ ᠶᠠᠩ ᠱᠤ᠋ ᠰᠢᠶᠠ ᠢᠯᠡᠷᠬᠡᠶᠢᠯᠡᠬᠦ ᠳᠡᠭᠡᠨ᠄ ︽ᠲᠣᠯᠣᠭᠠᠶ ᠪᠠᠨ ᠤᠬᠢᠶᠠᠭᠰᠠᠨ ᠤ ᠳᠠᠷᠠᠭ᠎ᠠ ᠭᠡᠵᠢᠭᠡ ᠶᠢ ᠳᠠᠷᠦ᠋ᠢᠬᠠᠨ ᠦᠯᠢᠶᠡᠨ ᠬᠠᠳᠠᠭᠠᠵᠤ ᠪᠣᠯᠬᠤ | ᠥᠬᠡᠶ︾᠂ ᠵᠠᠷᠢᠮ ᠬᠥᠮᠦᠨ ᠭᠡᠵᠢᠭᠡ ᠪᠠᠨ ᠤᠬᠢᠶᠠᠵᠤ ᠪᠠᠷᠠᠪᠠᠯ ᠴᠠᠬᠢᠯᠭᠠᠨ ᠦᠯᠢᠶᠡᠭᠦᠷ ᠢ ᠨᠡᠯᠢᠶᠡᠳ ᠶᠡᠭᠡ ᠬᠠᠯᠠᠭᠤᠨ ᠳᠤ ᠲᠣᠬᠢᠷᠠᠭᠤᠯᠤᠨ ᠦᠯᠢᠶᠡᠯᠭᠡᠳᠡᠭ᠂ | ᠡᠨᠡ ᠦᠶ᠎ᠡ ᠳᠤ ᠭᠡᠵᠢᠭᠡᠨ ᠳᠣᠲᠣᠷᠠᠬᠢ ᠤᠰᠤ ᠨᠢ ᠠᠭᠤᠷᠰᠢᠭᠠᠳ ᠦᠰᠦᠨ ᠳᠣᠲᠣᠷ᠎ᠠ ︽ᠬᠥᠭᠡᠰᠦᠯᠢᠭ ᠭᠡᠵᠢᠭᠡ︾ ᠭᠠᠷᠴᠤ ᠦᠰᠦ ᠠᠮᠠᠷᠬᠠᠨ | ᠬᠤᠭᠤᠷᠳᠠᠭ ᠭᠡᠪᠡ᠃ ᠠᠶᠠᠨᠳᠠᠭᠠᠨ ᠬᠠᠳᠠᠭᠠᠬᠤ ᠳᠤᠷᠠᠲᠠᠶ ᠬᠥᠮᠦᠨ ᠳᠤ ᠶᠠᠩ ᠡᠮᠴᠢ ᠰᠠᠨᠠᠭᠤᠯᠤᠭᠰᠠᠨ ᠨᠢ᠄ ︽ᠠᠶᠠᠨᠳᠠᠭᠠᠨ ᠬᠠᠲᠠᠭᠠᠬᠤ ᠶᠠᠪᠤᠴᠠ ᠳᠤ | ᠭᠡᠵᠢᠭᠡ ᠪᠠᠨ ᠪᠢᠲᠡᠭᠡᠶ ᠠᠬᠢᠨ ᠲᠠᠬᠢᠨ ᠰᠠᠮᠨᠠᠭᠠᠳ ᠪᠤᠢ︾᠃ ᠦᠰᠦ ᠨᠦᠢᠲᠠᠨ ᠦᠶ᠎ᠡ ᠳᠡᠭᠡᠨ᠂ ᠦᠰᠦᠨ ᠤ ᠬᠠᠭᠤᠷᠠᠶ ᠦᠷᠦᠯᠲᠡ ᠶᠢᠨ ᠬᠦᠴᠦ | ᠲᠦᠢᠯ ᠤᠨ ᠶᠡᠭᠡ᠂ ᠭᠡᠵᠢᠭᠡ ᠪᠠᠰᠠ ᠨᠡᠯᠢᠶᠡᠳ ᠬᠡᠪᠡᠷᠡᠭ ᠪᠠᠶᠢᠳᠠᠯ ᠳᠤ ᠤᠷᠤᠵᠤ᠂ ᠳᠠᠬᠢᠨ ᠳᠠᠪᠲᠠᠨ ᠰᠠᠮᠨᠠᠪᠠᠯ ᠭᠡᠵᠢᠭᠡ ᠶᠢ ᠭᠡᠮᠲᠦᠭᠡᠨ᠎ᠡ ᠭᠡᠯᠡ᠃ | |